ᠠᠯᠤᠰ ᠤ᠋ᠨ ᠠᠮᠠᠷᠠᠭ - ᠪᠠᠲᠤᠳᠡᠯᠭᠡᠷ Alsyn amrag-BatdelgerАлсын амраг-Батдэлгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ ᠤ᠋ᠨ ᠠᠮᠠᠷᠠᠭ - ᠪᠠᠲᠤᠳᠡᠯᠭᠡᠷ Alsyn amrag-BatdelgerАлсын амраг-Батдэлгэр

ᠠᠯᠤᠰ ᠤ᠋ᠨ ᠠᠮᠠᠷᠠᠭ - ᠪᠠᠲᠤᠳᠡᠯᠭᠡᠷ Alsyn amrag-BatdelgerАлсын амраг-Батдэлгэр

ᠠᠩᠭᠢᠯᠠᠯ:ᠳᠠᠭᠤᠤ ᠬᠥᠭᠵᠢᠮ
2026-02-12

195

ᠠᠯᠤᠰ ᠤ᠋ᠨ ᠠᠮᠠᠷᠠᠭ


   ᠦᠭᠡ᠂ ᠠᠶ᠎ᠠ᠄ ᠦᠨᠡᠨᠰᠡᠴᠡᠨ 
   ᠳᠠᠭᠤᠴᠢᠨ᠄ ᠪᠠᠲᠤᠳᠡᠯᠭᠡᠷ 

ᠠᠩᠭᠢᠷ ᠰᠢᠪᠠᠭᠤᠳ ᠢᠵᠢᠯᠢᠳᠡᠨ ᠨᠡᠭᠦᠳᠡᠯᠯᠡᠬᠦ ᠪᠡᠷ 
ᠠᠯᠤᠰ ᠲᠤ᠌ ᠪᠠᠢᠬᠤ ᠠᠮᠠᠷᠠᠭ ᠮᠢᠨᠢ ᠰᠠᠨᠠᠭᠳᠠᠬᠤ ᠶᠤᠮ 
ᠠᠯᠢᠶᠠᠬᠠᠨ ᠨᠢᠳᠦ ᠴᠢᠨᠢ ᠲᠣᠳᠣᠷᠠᠭ᠎ᠠ ᠤᠤ᠂ ᠲᠣᠷᠮᠣᠯᠵᠠᠭ᠎ᠠ ᠤᠤ 
ᠠᠰᠪᠤᠷᠢᠬᠠᠨ ᠰᠡᠳᠬᠢᠯ ᠴᠢᠨᠢ ᠣᠬᠢᠯᠠᠭ᠎ᠠ ᠤᠤ᠂ ᠬᠠᠢᠯᠠᠭ᠎ᠠ ᠤᠤ 
ᠠᠮᠠᠷᠠᠭ ᠮᠢᠨᠢ 
ᠠᠲᠠᠷ ᠶᠡᠬᠡ ᠲᠠᠯ᠎ᠠ ᠰᠢᠭ᠋ ᠲᠠᠢᠪᠤᠩ ᠨᠠᠮᠤᠭᠤᠬᠠᠨ 
ᠠᠮᠠᠷᠠᠭ ᠮᠢᠨᠢ 
ᠠᠭᠠᠷ ᠤ᠋ᠨ ᠲᠤᠩᠭᠠᠯᠠᠭ ᠰᠠᠷᠠ ᠰᠢᠭ᠋ ᠰᠠᠷᠠᠭᠤᠯᠬᠠᠨ 

ᠤᠰᠤᠨ ᠤ᠋ ᠰᠢᠪᠠᠭᠤᠳ ᠬᠣᠣᠰᠯᠠᠨ ᠱᠤᠮᠪᠠᠬᠤᠯᠠᠷ 
ᠠᠭᠤᠵᠢᠮᠬᠠᠨ ᠠᠮᠠᠷᠠᠭ ᠮᠢᠨᠢ ᠪᠣᠳᠣᠭᠳᠠᠭᠠᠳ ᠪᠠᠢᠨ᠎ᠠ
ᠤᠬᠠᠭᠠᠨ ᠲᠠᠢ ᠳᠦᠷᠢ ᠴᠢᠨᠢ ᠬᠠᠷᠠᠭ᠎ᠠ ᠤᠤ᠂ ᠬᠠᠷᠠᠭᠳᠠᠭ᠎ᠠ ᠤᠤ
ᠤᠯᠢᠶᠠᠷᠬᠠᠭ ᠰᠡᠳᠬᠢᠯ ᠴᠢᠨᠢ ᠡᠷᠢᠭᠡ ᠤᠤ ᠂ ᠡᠷᠢᠭᠳᠡᠭᠡ ᠤᠤ
ᠠᠮᠠᠷᠠᠭ ᠮᠢᠨᠢ
ᠠᠲᠠᠷ ᠶᠡᠬᠡ ᠲᠠᠯ᠎ᠠ ᠰᠢᠭ᠋ ᠲᠠᠢᠪᠤᠩ ᠨᠠᠮᠤᠭᠤᠬᠠᠨ
ᠠᠮᠠᠷᠠᠭ ᠮᠢᠨᠢ
ᠠᠭᠠᠷ ᠤ᠋ᠨ ᠲᠤᠩᠭᠠᠯᠠᠭ ᠰᠠᠷᠠ ᠰᠢᠭ᠋ ᠰᠠᠷᠠᠭᠤᠯᠬᠠᠨ