ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠵᠣᠬᠢᠶᠠᠭᠴᠢ ᠶ᠋ᠢᠨ ᠥᠴᠢᠯ> Хүлэг баатар буурч - Б. Өлзийсүрэн <Зохиогчийн өчил>
ᠵᠣᠬᠢᠶᠠᠭᠴᠢ ᠶ᠋ᠢᠨ ᠥᠴᠢᠯ
ᠴᠢᠩᠭᠢᠰ ᠬᠠᠭᠠᠨ ᠨᠠᠶᠠᠨ ᠨᠠᠢ᠍ᠮᠠᠨ ᠭᠠᠪᠢᠶᠠᠲᠠᠨ ᠳ᠋ᠤ᠌ ᠨᠤᠲᠤᠭ ᠬᠤᠪᠢᠶᠠᠵᠤ ᠥᠭᠬᠦ ᠳ᠋ᠦ᠍ ᠬᠣᠶᠠᠳᠠᠬᠢ ᠮᠢᠩᠭᠠᠨ ᠪᠤᠶᠤ ᠠᠯᠲᠠᠢ ᠶ᠋ᠢᠨ ᠡᠮᠦᠨᠡᠲᠦ ᠭᠠᠵᠠᠷ ᠣᠷᠣᠨ ᠲᠡᠭᠦᠨ ᠳ᠋ᠦ᠍ ᠲᠠᠭᠠᠷᠠᠵᠤ ᠳᠡᠭᠡᠷ᠎ᠡ ᠨᠢ ᠤᠯᠤᠰ ᠤ᠋ᠨ ᠪᠠᠷᠠᠭᠤᠨ ᠭᠠᠷ ᠤ᠋ᠨ ᠵᠠᠬᠢᠷᠤᠭᠴᠢ ᠪᠠᠷ ᠲᠣᠮᠢᠯᠠᠭᠳᠠᠭᠰᠠᠨ ᠠᠵᠢ᠃
ᠴᠢᠨᠠᠭᠰᠢ ᠠᠯᠲᠠᠨ ᠤᠯᠤᠰ᠂ ᠲᠠᠩᠭᠤᠳ᠂ ᠳᠤᠮᠳᠠᠳᠤ ᠠᠽᠢᠶ᠎ᠠ ᠳ᠋ᠤ᠌ ᠬᠢᠭᠰᠡᠨ ᠠᠶᠠᠨ ᠲᠡᠢᠨ ᠨᠤᠭᠤᠳ ᠲᠤ᠌ ᠡᠵᠡᠨ ᠬᠠᠭᠠᠨ ᠤ᠋ ᠳᠡᠷᠭᠡᠳᠡ ᠰᠢᠳᠠᠷᠯᠠᠨ᠂ ᠬᠥᠪᠡᠭᠦᠳ ᠲᠦ᠍ ᠨᠢ ᠵᠥᠪᠯᠡᠬᠦ ᠪᠡᠷ ᠶᠠᠪᠤᠭᠰᠠᠨ ᠪᠠᠢᠨ᠎ᠠ᠃ ᠡᠢᠨᠬᠦ ᠪᠣᠭᠤᠷᠴᠢ ᠬᠡᠮᠡᠭᠴᠢ ᠨᠢ ᠲᠥᠷᠥ ᠶ᠋ᠢᠨ ᠶᠡᠬᠡ ᠵᠢᠳᠬᠦᠯᠲᠡᠨ᠂ ᠥᠷᠯᠥᠭ ᠵᠠᠩᠵᠤᠨ᠂ ᠳᠥᠷᠪᠡᠨ ᠬᠦᠯᠦᠭ ᠪᠠᠭᠠᠲᠤᠷ ᠤ᠋ᠨ ᠨᠢᠭᠡ ᠪᠣᠯᠤᠭᠰᠠᠨ ᠠᠵᠤᠭᠤ᠃ ᠪᠣᠭᠤᠷᠴᠢ ᠳᠡᠭᠡᠳᠦ ᠬᠥᠮᠦᠨ ᠦ᠌ ᠬᠤᠪᠢ ᠳ᠋ᠤ᠌ ᠬᠣᠯᠪᠣᠭᠳᠠᠬᠤ ᠲᠡᠦᠬᠡᠨ ᠮᠡᠳᠡᠭᠡ ᠨᠢ ᠡᠴᠢᠭᠡ ᠨᠠᠬᠤ᠂ ᠠᠷᠤᠯᠠᠳ ᠡᠪᠦᠭᠡ ᠪᠠᠶᠠᠨ ᠴᠢᠨᠡᠭᠡᠯᠢᠭ ᠠᠷᠠᠳ ᠠᠯᠪᠠᠲᠤ ᠬᠥᠮᠦᠨ᠂ ᠳᠡᠭᠦᠦ ᠤᠷᠤᠭ᠂ ᠦᠷ᠎ᠡ ᠭᠡᠵᠦ ᠳᠤᠷᠠᠳᠤᠭᠳᠠᠭᠰᠠᠨ ᠥᠭᠡᠯᠦᠨ ᠴᠡᠷᠪᠢ ᠴᠢᠩᠭᠢᠰ ᠬᠠᠭᠠᠨ ᠤ᠋ ᠬᠡᠰᠢᠭᠲᠡᠨ᠂ ᠲᠣᠷᠭᠠᠨ ᠴᠡᠷᠢᠭ ᠦ᠋ᠨ ᠮᠢᠩᠭᠠᠨ ᠤ᠋ ᠨᠣᠶᠠᠨ᠂ ᠡᠬᠡᠨᠡᠷ ᠲᠡᠭᠦᠰᠬᠡᠨ ᠭᠤᠸ᠎ᠠ (ᠱ·ᠭᠠᠳᠠᠮᠪᠠ)᠂ ᠬᠦᠦ ᠪᠣᠷᠬᠠᠢ ᠵᠡᠷᠭᠡ ᠨᠢ ᠰᠤᠷᠪᠤᠯᠵᠢ ᠪᠢᠴᠢᠭ ᠦ᠋ᠳ ᠲᠦ᠍ ᠨᠡᠷ᠎ᠡ ᠳᠤᠷᠠᠳᠤᠭᠳᠠᠭᠰᠠᠨ ᠪᠣᠢ᠃ ᠲᠡᠷᠡ ᠪᠡᠷ ᠲᠥᠷᠥ ᠶ᠋ᠢᠨ ᠶᠡᠬᠡ ᠨᠡᠷᠡᠲᠦ ᠪᠡᠶ᠎ᠡ ᠬᠥᠮᠦᠨ ᠦ᠌ ᠬᠤᠪᠢ ᠳ᠋ᠤ᠌ ᠡᠵᠡᠨ ᠬᠠᠭᠠᠨ ᠤ᠋ ᠳᠡᠭᠦᠨᠡᠷ᠂ ᠦᠷ᠎ᠡ ᠬᠡᠦᠬᠡᠳ᠂ ᠪᠤᠰᠤᠳ ᠣᠢᠷ᠎ᠠ ᠳᠣᠲᠣᠨᠣ ᠰᠢᠳᠠᠷ ᠬᠥᠮᠦᠰ ᠲᠡᠢ ᠬᠣᠯᠪᠣᠭᠠᠲᠠᠢ ᠲᠡᠦᠬᠡ ᠶ᠋ᠢ ᠪᠦᠲᠦᠭᠡᠬᠦ ᠳ᠋ᠦ᠍ ᠪᠡᠶᠡᠴᠢᠯᠡᠨ ᠣᠷᠣᠯᠴᠠᠵᠤ ᠶᠡᠬᠡ ᠡᠭᠦᠷᠭᠡ ᠶ᠋ᠢ ᠭᠦᠢᠴᠡᠳᠬᠡᠵᠡᠢ᠃ ᠲᠡᠭᠦᠨᠴᠢᠯᠡᠨ ᠲᠤᠬᠠᠢ ᠶ᠋ᠢᠨ ᠦᠶ᠎ᠡ ᠶ᠋ᠢᠨ ᠰᠥᠭᠡᠷᠭᠦ ᠬᠦᠴᠦᠨ᠂ ᠳᠠᠢᠰᠤᠨ ᠨᠤᠭᠤᠳ ᠬᠢᠭᠡᠳ ᠲᠡᠳᠡᠨ ᠲᠡᠢ ᠲᠡᠮᠡᠴᠡᠭᠰᠡᠨ ᠲᠡᠦᠬᠡᠨ ᠡᠭᠦᠷᠭᠡ ᠶᠡᠬᠡ᠃ ᠡᠯ᠎ᠡ ᠲᠡᠦᠬᠡ ᠶ᠋ᠢᠨ ᠳᠡᠪᠢᠰᠬᠡᠷ ᠳᠡᠭᠡᠷ᠎ᠡ ᠪᠣᠭᠣᠷᠴᠢ ᠬᠡᠮᠡᠬᠦ ᠲᠣᠳᠣᠷᠬᠠᠢ ᠪᠡᠶ᠎ᠡ ᠬᠥᠮᠦᠨ ᠦ᠌ ᠳᠦᠷᠢ ᠶ᠋ᠢ ᠪᠦᠲᠦᠭᠡᠬᠦ ᠳ᠋ᠦ᠍ ᠲᠤᠰᠠᠯᠠᠬᠤ ᠣᠯᠠᠨ ᠳᠦᠷᠢ ᠡᠭᠦᠰᠬᠡᠵᠦ᠂ ᠦᠢᠯᠡ ᠶᠠᠪᠤᠳᠠᠯ ᠢ᠋ ᠤᠷᠭᠤᠭᠤᠯᠤᠨ ᠵᠣᠬᠢᠶᠠᠮᠵᠢᠯᠠᠭᠰᠠᠨ ᠪᠣᠯᠠᠢ᠃ ᠵᠢᠱ᠌ᠢᠶ᠎ᠡ ᠨᠢ ᠠᠷᠪᠠ ᠭᠠᠷᠤᠢ ᠨᠠᠰᠤᠨ ᠳ᠋ᠠᠭᠠᠨ ᠬᠡᠷᠦᠯᠦᠨᠵᠢᠨ ᠬᠡᠮᠡᠬᠦ ᠪᠦᠰᠡᠭᠦᠢ ᠲᠡᠢ ᠦᠶᠡᠷᠬᠡᠵᠦ ᠦᠷ᠎ᠡ ᠲᠡᠭᠡᠭᠡᠯᠭᠡᠨ ᠥᠭᠡᠯᠦᠨ ᠬᠦᠦ ᠶ᠋ᠢ ᠲᠥᠷᠥᠭᠦᠯᠦᠭᠡᠳ ᠭᠡᠷᠯᠡᠬᠦ ᠬᠡᠮᠡᠲᠡᠯ᠎ᠡ ᠲᠡᠷᠡ ᠨᠢ ᠬᠣᠣᠷᠯᠠᠭᠳᠠᠨ ᠦᠭᠡᠢ ᠪᠣᠯᠵᠤ ᠰᠡᠳᠬᠢᠯ ᠦ᠋ᠨ ᠭᠤᠨᠢᠭ ᠡᠳ᠋ᠯᠡᠭᠰᠡᠨ᠂ ᠵᠡᠷᠯᠢᠭ ᠬᠥᠮᠦᠨ ᠮᠢᠬᠠᠴᠢᠨ ᠲᠠᠢ ᠲᠡᠮᠡᠴᠡᠵᠦ ᠤᠷᠠᠨ ᠠᠷᠭ᠎ᠠ ᠪᠠᠷ ᠢᠯᠠᠭᠰᠠᠨ ᠦᠯᠢᠭᠡᠷ ᠳᠣᠮᠣᠭ ᠤ᠋ᠨ ᠶᠠᠪᠤᠳᠠᠯ᠂ ᠨᠠᠢᠷ ᠬᠤᠷᠢᠮ᠂ ᠨᠠᠭᠠᠳᠤᠮ᠂ ᠨᠠᠬᠤ ᠡᠴᠢᠭᠡ ᠶ᠋ᠢᠨ ᠬᠤᠷᠳᠤᠨ ᠮᠣᠷᠢᠨ ᠤ᠋ ᠤᠶᠠᠭ᠎ᠠ ᠰᠣᠢᠯᠭ᠎ᠠ᠂ ᠤᠳᠤᠮ ᠤᠭᠰᠠᠭ᠎ᠠ ᠰᠣᠩᠭᠣᠵᠤ ᠥᠰᠬᠡᠬᠦ᠂ ᠪᠣᠭᠣᠷᠴᠢ ᠪᠠᠭᠠᠲᠤᠷ ᠤ᠋ᠨ ᠶᠠᠷᠢᠶ᠎ᠠ᠂ ᠬᠠᠷᠠᠴᠤ ᠪᠥᠬᠡ᠂ ᠨᠠᠬᠤ ᠬᠣᠶᠠᠷ ᠤ᠋ᠨ ᠶᠠᠷᠢᠶ᠎ᠠ ᠪᠠᠷ ᠲᠡᠷᠡ ᠦᠶ᠎ᠡ ᠶ᠋ᠢᠨ ᠨᠡᠢᠭᠡᠮ ᠦ᠋ᠨ ᠪᠠᠢᠳᠠᠯ᠂ ᠦᠵᠡᠯ ᠪᠣᠳᠣᠯ᠂ ᠶᠣᠰᠣ ᠵᠦᠢ᠂ ᠵᠠᠩ ᠰᠤᠷᠲᠠᠬᠤᠨ ᠢ᠋ ᠢᠯᠡᠷᠬᠡᠢᠯᠡᠬᠦ ᠶ᠋ᠢ ᠣᠷᠣᠯᠳᠣᠭᠰᠠᠨ ᠪᠣᠯᠠᠢ᠃
ᠪᠣᠭᠣᠷᠴᠢ ᠶ᠋ᠢᠨ ᠰᠠᠷᠠᠯ ᠮᠣᠷᠢᠨ ᠤ᠋ ᠲᠤᠬᠠᠢ ᠪᠠᠰᠠ ᠪᠢᠴᠢᠭ ᠵᠣᠬᠢᠶᠠᠯ ᠳ᠋ᠤ᠌ ᠳᠤᠷᠠᠳᠤᠭᠳᠠᠭᠰᠠᠨ ᠪᠠᠢᠳᠠᠭ᠃ ᠲᠡᠷᠡ ᠰᠠᠷᠠᠯ ᠮᠣᠷᠢᠨ ᠤ᠋ ᠡᠭᠦᠰᠦᠯ ᠲᠥᠷᠥᠯ ᠶᠠᠪᠤᠳᠠᠯ ᠢ᠋ ᠲᠣᠳᠣᠳᠬᠠᠬᠤ ᠭᠡᠰᠡᠨ ᠰᠠᠨᠠᠭ᠎ᠠ ᠰᠡᠳᠬᠢᠮᠵᠢ ᠪᠣᠢ᠃ ᠡᠨᠡᠬᠦ ᠵᠣᠬᠢᠶᠠᠯ ᠳ᠋ᠤ᠌ ᠪᠠᠭᠠᠲᠤᠷ ᠤ᠋ᠨ ᠢ᠋ᠶ᠋ᠠᠨ ᠭᠡᠨᠡᠨ ᠪᠠᠭ᠎ᠠ ᠨᠠᠰᠤᠨ ᠠ᠋ᠴᠠ ᠲᠠᠪᠤᠨ ᠪᠦᠯᠦᠭ ᠪᠣᠯᠭᠠᠵᠤ ᠲᠡᠭᠦᠨ ᠦ᠌ ᠳᠦᠷᠢ ᠲᠥᠷᠬᠦ ᠶ᠋ᠢ ᠥᠰᠴᠦ ᠥᠭᠡᠳᠡᠯᠡᠨ ᠲᠡᠦᠬᠡᠨ ᠪᠡᠶ᠎ᠡ ᠬᠥᠮᠦᠨ ᠪᠣᠯᠵᠤ᠂ ᠨᠠᠶᠠᠨ ᠨᠢᠭᠡᠨ ᠨᠠᠰᠤ ᠶ᠋ᠢ ᠡᠯᠡᠭᠡᠭᠰᠡᠨ᠂ ᠲᠡᠭᠦᠨ ᠦ᠌ ᠨᠤᠲᠤᠭᠯᠠᠵᠤ ᠠᠭᠰᠠᠨ ᠠᠯᠲᠠᠢ ᠶ᠋ᠢᠨ ᠥᠪᠥᠷ᠂ ᠮᠥᠰᠥᠲᠦ ᠶ᠋ᠢᠨ ᠰᠠᠯᠠᠭ᠎ᠠ ᠨᠢᠭᠡᠨ ᠭᠣᠣᠯ ᠤ᠋ᠨ ᠡᠬᠢᠨ ᠳ᠋ᠦ᠍ ᠪᠣᠭᠣᠷᠴᠢ ᠶ᠋ᠢᠨ ᠨᠡᠷ᠎ᠡ ᠮᠥᠩᠬᠡᠷᠡᠨ ᠦᠯᠡᠳᠡᠵᠡᠢ᠃
ᠬᠣᠷᠴᠢᠳ ᠣᠪᠣᠭᠲᠤ ᠪ·ᠥᠯᠵᠡᠢᠰᠥ᠋ᠷᠦᠩ
2007᠂ 04᠂ 28
