ᠬᠡᠢᠮᠣᠷᠢ ᠥᠭᠡᠳᠡ ᠪᠡᠨ -ᠪᠠᠶᠠᠨᠵᠢᠷᠭᠠᠯ ᠡᠩᠬᠡᠴᠡᠴᠡᠭKhiimori öödöö-Bayanjargal EnkhtsetsegХийморь өөдөө-Баянжаргал Энхцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠥᠭᠡᠳᠡ ᠪᠡᠨ -ᠪᠠᠶᠠᠨᠵᠢᠷᠭᠠᠯ ᠡᠩᠬᠡᠴᠡᠴᠡᠭKhiimori öödöö-Bayanjargal EnkhtsetsegХийморь өөдөө-Баянжаргал Энхцэцэг

ᠬᠡᠢᠮᠣᠷᠢ ᠥᠭᠡᠳᠡ ᠪᠡᠨ -ᠪᠠᠶᠠᠨᠵᠢᠷᠭᠠᠯ ᠡᠩᠬᠡᠴᠡᠴᠡᠭKhiimori öödöö-Bayanjargal EnkhtsetsegХийморь өөдөө-Баянжаргал Энхцэцэг

ᠠᠩᠭᠢᠯᠠᠯ:ᠳᠠᠭᠤᠤ ᠬᠥᠭᠵᠢᠮ
2026-02-10

1485

ᠬᠡᠢᠮᠣᠷᠢ ᠥᠭᠡᠳᠡ ᠪᠡᠨ


   ᠦᠭᠡ᠄ ᠱ᠂ ᠭᠦᠷᠦᠪᠠᠽᠠᠷ 
   ᠠᠶ᠎ᠠ᠄ ᠡ᠊᠂ ᠡᠷᠡᠪᠣᠯᠤᠳ 
   ᠳᠠᠭᠤᠴᠢᠨ᠄ ᠪᠠᠶᠠᠨᠵᠢᠷᠭᠠᠯ 

ᠠᠳᠤᠭᠤᠨ ᠤ᠋ ᠲᠤᠭᠤᠷᠠᠢ ᠠ᠋ᠴᠠ ᠦᠷ ᠬᠠᠶᠠᠭᠠᠷᠠᠭᠠᠳ 
ᠠᠷᠭᠤᠮᠠᠭ ᠬᠦᠯᠦᠭ ᠦ᠋ᠳ ᠮᠢᠨᠢ ᠨᠠᠯᠠᠢᠵᠤ ᠪᠠᠢᠨ᠎ᠠ 
ᠣᠮᠣᠭ ᠳᠥᠷᠪᠡᠨ ᠲᠤᠭᠤᠷᠠᠢ ᠪᠠᠨ ᠴᠠᠪᠴᠢᠯᠠᠨ 
ᠣᠳᠣᠨ ᠰᠠᠭᠠᠷᠠᠯ ᠮᠢᠨᠢ ᠰᠡᠷᠭᠡᠭ ᠪᠠᠢᠨ᠎ᠠ 

ᠨᠠᠷᠠᠨ ᠥᠨᠳᠡᠢᠬᠦ ᠥᠷᠯᠥᠭᠡᠭᠦᠷ ᠨᠢ 
ᠰᠦ ᠪᠡᠨ ᠡᠷᠭᠦᠶ᠎ᠡ ᠳ᠋ᠠ ᠬᠠᠨᠢ ᠨᠢ 
ᠨᠠᠭᠠᠰᠢ ᠪᠠᠨ ᠡᠪᠰᠢᠶᠡᠬᠦ ᠪᠤᠶᠠᠨ ᠮᠢᠨᠢ 
ᠰᠠᠢᠬᠠᠨ ᠳᠡᠯ ᠢ᠋ᠶ᠋ᠡᠨ ᠰᠢᠯᠭᠡᠭᠡᠭᠡᠳ 

ᠠᠭᠤᠯᠠ ᠲᠡᠢᠷᠦᠭᠰᠡᠨ ᠵᠡᠯ᠎ᠡ ᠪᠡᠨ
ᠤᠯᠠᠮ ᠤᠷᠲᠤᠰᠬᠠᠶ᠎ᠠ ᠬᠣᠶᠠᠭᠤᠯᠠ ᠪᠠᠨ
ᠠᠳᠤᠭᠤᠨ ᠤ᠋ ᠴᠠᠭᠠᠨ ᠬᠡᠢᠮᠣᠷᠢ ᠪᠠᠷ
ᠠᠢᠯ ᠤ᠋ᠨ ᠵᠠᠶᠠᠭ᠎ᠠ ᠪᠠᠨ ᠥᠭᠡᠳᠡᠯᠡᠶ᠎ᠡ ᠬᠣᠶᠠᠭᠤᠯᠠ ᠪᠠᠨ

ᠴᠢᠭᠢᠭ ᠲᠡᠢ ᠬᠤᠰᠤᠭᠤᠷ ᠠ᠋ᠴᠠ ᠬᠥᠯᠥᠰᠥ ᠨᠢ ᠬᠠᠩᠬᠤᠯᠤᠭᠠᠳ
ᠴᠡᠭᠡᠵᠢᠨ ᠦ᠌ ᠪᠠᠶᠠᠰᠤᠯ ᠥᠨᠳᠡᠯᠵᠡᠭᠡᠳ ᠪᠠᠢᠨ᠎ᠠ
ᠨᠠᠷᠠᠨ ᠰᠣᠪᠢᠩ ᠢ᠋ ᠳᠣᠲᠣᠷ᠎ᠠ ᠪᠠᠨ ᠴᠢᠩᠨᠠᠨ
ᠨᠨᠨᠵᠢᠩ ᠬᠦᠯᠦᠭ ᠦ᠋ᠳ ᠮᠢᠨᠢ ᠠᠮᠤᠭᠤᠯᠠᠩ ᠪᠠᠢᠨ᠎ᠠ

ᠮᠠᠯᠠᠭᠠᠢ ᠪᠦᠰᠡ ᠶ᠋ᠢ ᠨᠢ ᠳᠡᠭᠡᠭᠰᠢᠯᠡᠨ ᠳᠡᠭᠡᠳᠦ
ᠮᠠᠷᠠᠯ ᠣᠳᠣᠨ ᠳ᠋ᠠᠭᠠᠨ ᠬᠠᠷᠠᠭᠤᠯᠤᠶ᠎ᠠ
ᠮᠠᠨ ᠤ᠋ ᠭᠠᠯ ᠤ᠋ᠨ ᠤᠶᠠᠭ᠎ᠠ ᠬᠥᠳᠡᠯᠬᠦ ᠳ᠋ᠦ᠍
ᠢᠷᠦᠭᠡᠯ ᠦ᠋ᠨ ᠲᠠᠬᠢᠯ ᠢ᠋ᠶ᠋ᠠᠨ ᠡᠷᠭᠦᠶ᠎ᠡ ᠳ᠋ᠠ

ᠶᠤᠸᠠᠮᠪᠤᠤ ᠴᠢᠭᠲᠠ ᠲᠠᠢ ᠵᠡᠯ᠎ᠡ ᠪᠡᠨ
ᠢᠷᠦᠭᠡᠯ ᠢ᠋ᠶ᠋ᠡᠷ ᠤᠷᠲᠤᠰᠬᠠᠶ᠎ᠠ ᠬᠣᠶᠠᠭᠤᠯᠠ ᠪᠠᠨ
ᠠᠳᠤᠭᠤᠨ ᠤ᠋ ᠴᠠᠭᠠᠨ ᠬᠡᠢᠮᠣᠷᠢ ᠪᠠᠷ
ᠠᠢᠯ ᠤ᠋ᠨ ᠵᠠᠶᠠᠭ᠎ᠠ ᠪᠠᠨ ᠥᠭᠡᠳᠡᠯᠡᠶ᠎ᠡ ᠬᠣᠶᠠᠭᠤᠯᠠ ᠪᠠᠨ

ᠠᠭᠤᠯᠠ ᠲᠡᠢᠷᠦᠭᠰᠡᠨ ᠵᠡᠯ᠎ᠡ ᠪᠡᠨ
ᠤᠯᠠᠮ ᠤᠷᠲᠤᠰᠬᠠᠶ᠎ᠠ ᠬᠣᠶᠠᠭᠤᠯᠠ ᠪᠠᠨ
ᠠᠳᠤᠭᠤᠨ ᠤ᠋ ᠴᠠᠭᠠᠨ ᠬᠡᠢᠮᠣᠷᠢ ᠪᠠᠷ
ᠠᠢᠯ ᠤ᠋ᠨ ᠵᠠᠶᠠᠭ᠎ᠠ ᠪᠠᠨ ᠥᠭᠡᠳᠡᠯᠡᠶ᠎ᠡ ᠬᠣᠶᠠᠭᠤᠯᠠ ᠪᠠᠨ
ᠠᠳᠤᠭᠤᠨ ᠤ᠋ ᠴᠠᠭᠠᠨ ᠬᠡᠢᠮᠣᠷᠢ ᠪᠠᠷ
ᠠᠢᠯ ᠤ᠋ᠨ ᠵᠠᠶᠠᠭ᠎ᠠ ᠪᠠᠨ ᠥᠭᠡᠳᠡᠯᠡᠶ᠎ᠡ ᠬᠣᠶᠠᠭᠤᠯᠠ ᠪᠠᠨ

 ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ