ᠨᠣᠮᠢᠨᠳᠠᠯᠠᠢ -ᠥᠩᠭᠡᠨᠬᠠᠰ Nomindalai-ÖngönökhasНоминдалай-Өнгөнөхас
ᠨᠣᠮᠢᠨᠳᠠᠯᠠᠢ
ᠣᠷᠳᠣᠰ ᠠᠷᠠᠳ ᠤ᠋ᠨ ᠳᠠᠭᠤᠤ
ᠳᠠᠭᠤᠴᠢᠨ᠄ ᠥᠩᠭᠡᠨᠬᠠᠰ
ᠳᠠᠷᠤᠵᠤ ᠬᠦᠷᠦᠭᠰᠡᠨ ᠭᠡᠵᠢᠭᠡ ᠴᠢᠨᠢ ᠬᠦ
ᠲᠠᠯᠤᠨ ᠤ᠋ ᠭᠣᠣᠯ ᠢ᠋ᠶ᠋ᠠᠷ ᠨᠤᠭᠤᠰ ᠭᠡᠳᠡᠭ ᠶᠤᠮ ᠠ᠋ ᠬᠦ
ᠳᠠᠪᠬᠤᠷ ᠶᠤ᠌ ᠠᠯᠠᠭ ᠬᠣᠶᠠᠷ ᠨᠢᠳᠦ ᠪᠡᠷ ᠢ᠋ᠶ᠋ᠡᠨ
ᠳᠠᠭᠠᠵᠤ ᠬᠠᠷᠠᠭᠠᠳ ᠮᠡᠯᠮᠡᠷᠡᠳᠡᠭ ᠶᠤᠮ ᠠ᠋ ᠳ᠋ᠣᠣ
ᠨᠤᠭᠤᠯᠵᠤ ᠬᠦᠷᠦᠭᠰᠡᠨ ᠭᠡᠵᠢᠭᠡ ᠴᠢᠨᠢ ᠬᠦ
ᠨᠢᠷᠤᠭᠤᠨ ᠤ᠋ ᠭᠣᠣᠯ ᠢ᠋ᠶ᠋ᠠᠷ ᠨᠤᠭᠤᠰ ᠭᠡᠳᠡᠭ ᠶᠤᠮ ᠠ᠋
ᠨᠤᠭᠤᠰᠤ ᠶᠤ᠌ ᠠᠯᠠᠭ ᠬᠣᠶᠠᠷ ᠨᠢᠳᠦ ᠪᠡᠷ ᠢ᠋ᠶ᠋ᠡᠨ
ᠨᠢᠭᠤᠵᠤ ᠯᠠ ᠬᠠᠷᠠᠭᠠᠳ ᠮᠡᠯᠮᠡᠷᠡᠳᠡᠭ ᠶᠤᠮ ᠠ᠋ ᠳ᠋ᠣᠣ
ᠬᠠᠢᠷᠠᠲᠠᠢ ᠯᠠ ᠬᠡᠦᠬᠡᠨ ᠮᠢᠨᠢ
ᠬᠠᠷᠢ ᠶ᠋ᠢᠨ ᠭᠠᠵᠠᠷ ᠲᠤ᠌ ᠵᠠᠶᠠᠭ᠎ᠠ ᠲᠠᠢ ᠶᠤᠮ ᠠ᠋ ᠳ᠋ᠣᠣ
ᠬᠠᠭᠠᠯᠵᠤ ᠬᠦᠷᠦᠭᠰᠡᠨ ᠭᠡᠵᠢᠭᠡ ᠴᠢᠨᠢ ᠬᠦ
ᠬᠠᠷ᠎ᠠ ᠯᠤᠤᠰ ᠤ᠋ᠨ ᠤᠰᠤ ᠰᠢᠭ᠋ ᠭᠢᠯᠠᠯᠵᠠᠵᠤ ᠪᠠᠢᠨ᠎ᠠ ᠬᠦ
ᠬᠠᠷᠠᠬᠤ ᠬᠣᠶᠠᠷ ᠨᠢᠳᠦ ᠪᠡᠷ ᠢ᠋ᠶ᠋ᠡᠨ
ᠬᠠᠷᠠᠵᠤ ᠦᠵᠡᠭᠡᠳ ᠮᠡᠯᠮᠡᠷᠡᠳᠡᠭ ᠶᠤᠮ ᠠ᠋ ᠳ᠋ᠣᠣ
ᠬᠠᠢᠷᠠᠲᠠᠢ ᠯᠠ ᠬᠡᠦᠬᠡᠨ ᠮᠢᠨᠢ
ᠬᠠᠷᠢ ᠶ᠋ᠢᠨ ᠭᠠᠵᠠᠷ ᠲᠤ᠌ ᠵᠠᠶᠠᠭ᠎ᠠ ᠲᠠᠢ ᠶᠤᠮ ᠠ᠋ ᠬᠦ
ᠬᠠᠢᠷᠠᠲᠠᠢ ᠯᠠ ᠬᠡᠦᠬᠡᠨ ᠮᠢᠨᠢ
ᠬᠠᠷᠢ ᠶ᠋ᠢᠨ ᠭᠠᠵᠠᠷ ᠲᠤ᠌ ᠵᠠᠶᠠᠭ᠎ᠠ ᠲᠠᠢ ᠶᠤᠮ ᠠ᠋ ᠬᠦ
ᠦᠰᠦᠭ ᠠᠮᠢᠯᠠᠭᠤᠯᠵᠤ ᠬᠠᠲᠠᠭᠰᠠᠨ ᠨᠢ᠄ ᠡᠷᠳᠡᠮᠲᠦ
ᠬᠢᠨᠠᠭᠴᠢ᠄ ᠣᠳᠬᠠᠨᠰᠣ᠎ᠡ᠂ ᠲᠣᠳᠣᠭᠡᠷᠡᠯ
