ᠮᠣᠷᠢᠨ ᠬᠡᠢᠮᠣᠷᠢ -ᠪᠠᠲᠤᠡᠷᠳᠡᠨᠢ᠂ ᠰᠠᠩᠵᠠᠶ᠋ᠢᠮᠢᠳᠤᠪMorin khiimori-Baterden,Sanjaamyadav Морин хийморь-Батэрдэн,Санжаамядав
ᠮᠣᠷᠢᠨ ᠬᠡᠢᠮᠣᠷᠢ
ᠦᠭᠡ᠄ ᠭ· ᠴᠢᠯᠡᠵᠠᠪ
ᠠᠶ᠎ᠠ᠄ ᠨ· ᠴᠢᠯᠠᠭᠤᠨᠬᠦᠦ
ᠳᠠᠭᠤᠴᠢᠨ᠄ ᠪᠠᠲᠤᠡᠷᠳᠡᠨᠢ᠂ ᠰᠠᠩᠵᠠᠶ᠋ᠢᠮᠢᠳᠤᠪ
ᠲᠣᠭᠯᠠᠬᠤ ᠶ᠋ᠢᠨ ᠲᠠᠯ᠎ᠠ ᠪᠠᠷ ᠳᠦᠭᠦᠷᠡᠩ
ᠲᠣᠭᠣᠰᠣᠨ ᠳᠤᠮᠳᠠ ᠠ᠋ᠴᠠ ᠲᠣᠳᠣᠷᠠᠭᠠᠳ
ᠲᠣᠷᠭᠠᠨ ᠵᠢᠯᠣᠭᠣ ᠡᠷᠭᠦᠭᠦᠯᠦᠭᠰᠡᠨ
ᠲᠣᠯᠢᠨ ᠬᠠᠷ᠎ᠠ ᠠᠵᠢᠷᠭ᠎ᠠ ᠮᠢᠨᠢ
ᠡᠷ᠎ᠡ ᠶ᠋ᠢᠨ ᠴᠠᠭᠠᠨ ᠬᠡᠢᠮᠣᠷᠢ ᠮᠢᠨᠢ
ᠲᠥᠷᠥ ᠶ᠋ᠢᠨ ᠭᠡᠭᠡᠨ ᠰᠦᠯᠳᠡ ᠮᠢᠨᠢ
ᠮᠣᠷᠢᠨ ᠡᠷᠳᠡᠨᠢ ᠶ᠋ᠢᠨ ᠵᠠᠶᠠᠭ᠎ᠠ ᠮᠢᠨᠢ ᠠ᠋
ᠮᠣᠩᠭᠣᠯ ᠲᠦᠮᠡᠨ ᠦ᠌ ᠰᠢᠲᠦᠭᠡᠨ ᠮᠢᠨᠢ ᠠ᠋
ᠠᠯᠲᠠᠢ ᠶ᠋ᠢᠨ ᠳᠠᠩᠰᠢᠭ ᠲᠤ᠌ ᠴᠤᠭᠯᠠᠭᠰᠠᠨ
ᠠᠷᠭᠤᠮᠠᠭ ᠬᠦᠯᠦᠭ ᠦ᠋ᠳ ᠳᠤᠮᠳᠠ ᠠ᠋ᠴᠠ
ᠠᠢᠷᠠᠭ ᠤ᠋ᠨ ᠬᠡᠰᠢᠭ ᠠᠮᠰᠠᠭᠤᠯᠤᠭᠰᠠᠨ
ᠠᠷᠠᠨᠵᠠᠯ ᠵᠡᠭᠡᠷᠳᠡ ᠠᠵᠢᠷᠭ᠎ᠠ ᠮᠢᠨᠢ
ᠡᠷ᠎ᠡ ᠶ᠋ᠢᠨ ᠴᠠᠭᠠᠨ ᠬᠡᠢᠮᠣᠷᠢ ᠮᠢᠨᠢ
ᠲᠥᠷᠥ ᠶ᠋ᠢᠨ ᠭᠡᠭᠡᠨ ᠰᠦᠯᠳᠡ ᠮᠢᠨᠢ
ᠮᠣᠷᠢᠨ ᠡᠷᠳᠡᠨᠢ ᠶ᠋ᠢᠨ ᠵᠠᠶᠠᠭ᠎ᠠ ᠮᠢᠨᠢ ᠠ᠋
ᠮᠣᠩᠭᠣᠯ ᠲᠦᠮᠡᠨ ᠦ᠌ ᠰᠢᠲᠦᠭᠡᠨ ᠮᠢᠨᠢ ᠠ᠋
ᠣᠯᠠᠨ ᠰᠠᠢᠬᠠᠨ ᠨᠠᠭᠠᠳᠤᠮ ᠤ᠋ᠨ
ᠣᠮᠣᠭᠯᠠᠩ ᠬᠦᠯᠦᠭ ᠦ᠋ᠳ ᠳᠣᠲᠣᠷ᠎ᠠ ᠠ᠋ᠴᠠ
ᠲᠦᠷᠦᠭᠦᠦ ᠠᠢᠷᠠᠭ ᠠᠮᠰᠠᠭᠤᠯᠤᠭᠰᠠᠨ
ᠲᠦᠷᠭᠡᠨ ᠪᠣᠷᠣ ᠠᠵᠢᠷᠭ᠎ᠠ ᠮᠢᠨᠢ
ᠡᠷ᠎ᠡ ᠶ᠋ᠢᠨ ᠴᠠᠭᠠᠨ ᠬᠡᠢᠮᠣᠷᠢ ᠮᠢᠨᠢ
ᠲᠥᠷᠥ ᠶ᠋ᠢᠨ ᠭᠡᠭᠡᠨ ᠰᠦᠯᠳᠡ ᠮᠢᠨᠢ
ᠮᠣᠷᠢᠨ ᠡᠷᠳᠡᠨᠢ ᠶ᠋ᠢᠨ ᠵᠠᠶᠠᠭ᠎ᠠ ᠮᠢᠨᠢ ᠠ᠋
ᠮᠣᠩᠭᠣᠯ ᠲᠦᠮᠡᠨ ᠦ᠌ ᠰᠢᠲᠦᠭᠡᠨ ᠮᠢᠨᠢ ᠠ᠋
ᠮᠣᠷᠢᠨ ᠡᠷᠳᠡᠨᠢ ᠶ᠋ᠢᠨ ᠵᠠᠶᠠᠭ᠎ᠠ ᠮᠢᠨᠢ ᠠ᠋
ᠮᠣᠩᠭᠣᠯ ᠲᠦᠮᠡᠨ ᠦ᠌ ᠰᠢᠲᠦᠭᠡᠨ ᠮᠢᠨᠢ ᠠ᠋
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
