ᠠᠯᠲᠠᠢ ᠬᠠᠩᠭᠠᠢ -ᠱᠶ᠋ᠷᠤᠨᠴᠢᠮᠡᠭ Altai khangai-ShvronchimegАлтай хангай-Шврончимэг
ᠠᠯᠲᠠᠢ ᠬᠠᠩᠭᠠᠢ
ᠳᠡᠭᠡᠳᠦ ᠮᠣᠩᠭᠣᠯ ᠤ᠋ᠨ ᠠᠷᠠᠳ ᠤ᠋ᠨ ᠳᠠᠭᠤᠤ
ᠳᠠᠭᠤᠴᠢᠨ᠄ ᠱᠶ᠋ᠷᠤᠨᠴᠢᠮᠡᠭ
ᠠᠯᠲᠠᠢ ᠬᠠᠩᠭᠠᠢ ᠭᠠᠵᠠᠷ ᠤ᠋ᠨ ᠥᠨᠳᠥᠷ
ᠠᠭᠲᠠ ᠮᠣᠷᠢ ᠲᠩᠷᠢ ᠶ᠋ᠢᠨ ᠤᠨᠠᠭ᠎ᠠ
ᠠᠯᠲᠠᠢ ᠬᠠᠩᠭᠠᠢ ᠭᠠᠵᠠᠷ ᠤ᠋ᠨ ᠥᠨᠳᠥᠷ
ᠠᠭᠲᠠ ᠮᠣᠷᠢ ᠲᠩᠷᠢ ᠶ᠋ᠢᠨ ᠤᠨᠠᠭ᠎ᠠ
ᠶᠡᠬᠡ ᠵᠠᠭᠠᠯ ᠪᠠᠭ᠎ᠠ ᠵᠠᠭᠠᠯ
ᠡᠵᠡᠨ ᠬᠠᠭᠠᠨ ᠤ᠋ ᠬᠦᠯᠦᠭ ᠮᠣᠷᠢ
ᠬᠠᠳᠠ ᠶ᠋ᠢ ᠦᠵᠡᠭᠡᠳ ᠬᠠᠯᠭᠢᠳᠠᠭ ᠮᠣᠷᠢ
ᠬᠠᠯᠢᠭᠤ ᠶ᠋ᠢ ᠦᠵᠡᠭᠡᠳ ᠭᠦᠢᠴᠡᠳᠡᠭ ᠮᠣᠷᠢ
ᠦᠵᠦᠭᠦᠷ ᠢ᠋ ᠦᠵᠡᠭᠡᠳ ᠦᠷᠭᠦᠳᠡᠭ ᠮᠣᠷᠢ
ᠦᠨᠡᠭᠡ ᠶ᠋ᠢ ᠦᠵᠡᠭᠡᠳ ᠭᠦᠢᠴᠡᠳᠡᠭ ᠮᠣᠷᠢ
ᠠᠯᠲᠠᠢ ᠬᠠᠩᠭᠠᠢ ᠭᠠᠵᠠᠷ ᠤ᠋ᠨ ᠳᠡᠯᠡᠬᠡᠢ
ᠶᠡᠬᠡ ᠵᠠᠭᠠᠯ ᠪᠠᠭ᠎ᠠ ᠵᠠᠭᠠᠯ ᠲᠩᠷᠢ ᠶ᠋ᠢᠨ ᠤᠨᠠᠭ᠎ᠠ
ᠬᠠᠳᠠ ᠶ᠋ᠢ ᠦᠵᠡᠭᠡᠳ ᠬᠠᠯᠭᠢᠳᠠᠭ ᠮᠣᠷᠢ
ᠬᠠᠯᠢᠭᠤ ᠶ᠋ᠢ ᠦᠵᠡᠭᠡᠳ ᠭᠦᠢᠴᠡᠳᠡᠭ ᠮᠣᠷᠢ
ᠦᠵᠦᠭᠦᠷ ᠢ᠋ ᠦᠵᠡᠭᠡᠳ ᠦᠷᠭᠦᠳᠡᠭ ᠮᠣᠷᠢ
ᠦᠨᠡᠭᠡ ᠶ᠋ᠢ ᠦᠵᠡᠭᠡᠳ ᠭᠦᠢᠴᠡᠳᠡᠭ ᠮᠣᠷᠢ
ᠪᠤᠲᠠ ᠶ᠋ᠢ ᠦᠵᠡᠭᠡᠳ ᠪᠤᠯᠭᠢᠳᠠᠭ ᠮᠣᠷᠢ ᠮᠢᠨᠢ
ᠪᠤᠯᠠᠭ᠎ᠠ ᠶ᠋ᠢ ᠦᠵᠡᠭᠡᠳ ᠭᠦᠢᠴᠡᠳᠡᠭ ᠮᠣᠷᠢ ᠮᠢᠨᠢ
ᠰᠣᠯᠢ ᠶ᠋ᠢ ᠦᠵᠡᠭᠡᠳ ᠬᠠᠵᠠᠯᠠᠳᠠᠭ ᠮᠣᠷᠢ
ᠰᠤᠭᠤ ᠶ᠋ᠢ ᠦᠵᠡᠭᠡᠳ ᠭᠦᠢᠴᠡᠳᠡᠭ ᠮᠣᠷᠢ
ᠠᠯᠲᠠᠢ ᠬᠠᠩᠭᠠᠢ ᠭᠠᠵᠠᠷ ᠤ᠋ᠨ ᠳᠡᠯᠡᠬᠡᠢ᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
