ᠬᠠᠨᠢ ᠶ᠋ᠢᠨ ᠬᠠᠢᠷ᠎ᠠ -ᠲ ∙ ᠪᠠᠶᠠᠨᠵᠢᠷᠭᠠᠯHaniin hair - T.Bayanjargal Ханийн хайр-Т.Баянжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠢ ᠶ᠋ᠢᠨ ᠬᠠᠢᠷ᠎ᠠ -ᠲ ∙ ᠪᠠᠶᠠᠨᠵᠢᠷᠭᠠᠯHaniin hair - T.Bayanjargal Ханийн хайр-Т.Баянжаргал

ᠬᠠᠨᠢ ᠶ᠋ᠢᠨ ᠬᠠᠢᠷ᠎ᠠ -ᠲ ∙ ᠪᠠᠶᠠᠨᠵᠢᠷᠭᠠᠯHaniin hair - T.Bayanjargal Ханийн хайр-Т.Баянжаргал

ᠠᠩᠭᠢᠯᠠᠯ:ᠳᠠᠭᠤᠤ ᠬᠥᠭᠵᠢᠮ
2026-02-08

315

ᠬᠠᠨᠢ ᠶ᠋ᠢᠨ ᠬᠠᠢᠷ᠎ᠠ


   ᠰᠢᠯᠦᠭ᠄ ᠨ · ᠨᠢᠮᠠᠠᠣᠰᠣᠷ 
   ᠠᠶ᠎ᠠ᠄  ᠯ ·  ᠪᠠᠯᡁᠬᠠᠵᠠᠪ  
   ᠳᠠᠭᠤᠴᠢᠨ᠄ ᠲ· ᠪᠠᠶᠠᠨᠵᠢᠷᠭᠠᠯ 
  

ᠬᠠᠨ ᠠᠭᠤᠯᠠ ᠶ᠋ᠢᠨ ᠪᠠᠷ᠎ᠠ  ᠪᠠᠨ 
ᠬᠠᠷᠠᠬᠤ ᠲᠣᠰᠤᠮ ᠢ᠋ᠶ᠋ᠠᠨ ᠵᠢᠷᠭᠠᠨ᠎ᠠ ᠳᠠ 
ᠬᠠᠢᠷᠠᠲᠠᠢ ᠬᠠᠨᠢ ᠶ᠋ᠢᠨ ᠢ᠋ᠶ᠋ᠡᠨ ᠬᠠᠯᠠᠮᠵᠢ ᠶ᠋ᠢ ᠨᠢ 
ᠬᠦᠦ ᠨᠢ  ᠶᠤᠮ ᠰᠢᠭ ᠬᠦᠷᠲᠡᠨ᠎ᠡ ᠳᠡ 
ᠠᠢ ᠬᠦ᠂ ᠵᠧ ᠬᠦ 
ᠬᠦᠦ ᠨᠢ  ᠶᠤᠮ ᠰᠢᠭ ᠬᠦᠷᠲᠡᠨ᠎ᠡ ᠳᠡ 
ᠠᠢ ᠬᠦ᠂ ᠵᠧ ᠬᠦ 
ᠬᠦᠦ ᠨᠢ ᠶᠤᠮ ᠰᠢᠭ ᠬᠦᠷᠲᠡᠨ᠎ᠡ ᠳᠡ 

ᠥᠯᠥᠭᠡᠢ ᠨᠤᠲᠤᠭ ᠤ᠋ᠨ ᠢ᠋ᠶ᠋ᠠᠨ ᠠᠭᠤᠯᠠᠰ ᠢ᠋ ᠪᠡᠨ
ᠥᠲᠡᠯᠬᠦ ᠲᠣᠰᠤᠮ ᠢ᠋ᠶ᠋ᠠᠨ ᠰᠠᠨᠠᠨ᠎ᠠ ᠳᠠ
ᠦᠨᠡᠨᠴᠢ ᠬᠠᠨᠢ ᠶ᠋ᠢᠨ ᠢ᠋ᠶ᠋ᠡᠨ ᠬᠠᠢᠷ᠎ᠠ ᠶ᠋ᠢ
ᠦᠷ᠎ᠡ ᠨᠢ ᠶᠤᠮ ᠰᠢᠭ ᠬᠦᠷᠲᠡᠨ᠎ᠡ ᠳᠡ
ᠠᠢ ᠬᠦ᠂ ᠵᠧ ᠬᠦ
ᠦᠷ᠎ᠡ ᠨᠢ ᠶᠤᠮ ᠰᠢᠭ ᠬᠦᠷᠲᠡᠨ᠎ᠡ ᠳᠡ
ᠠᠢ ᠬᠦ᠂ ᠵᠧ ᠬᠦ
ᠦᠷ᠎ᠡ ᠨᠢ  ᠶᠤᠮ ᠰᠢᠭ ᠬᠦᠷᠲᠡᠨ᠎ᠡ ᠳᠡ

ᠠᠷᠤ ᠯᠠ ᠬᠥᠪᠴᠢ ᠶ᠋ᠢᠨ ᠨᠤᠲᠤᠭ ᠢ᠋ᠶ᠋ᠠᠨ
ᠠᠯᠤᠰᠯᠠᠬᠤ ᠲᠣᠰᠤᠮ ᠢ᠋ᠶ᠋ᠠᠨ ᠰᠠᠨᠠᠨ᠎ᠠ ᠳᠠ
ᠠᠮᠠᠷᠠᠭ ᠬᠠᠨᠢ ᠶ᠋ᠢᠨ ᠢ᠋ᠶ᠋ᠡᠨ ᠬᠠᠢᠷ᠎ᠠ ᠶ᠋ᠢ
ᠠᠴᠢ ᠨᠢ ᠶᠤᠮ ᠰᠢᠭ ᠬᠦᠷᠲᠡᠨ᠎ᠡ ᠳᠡ
ᠠᠢ ᠬᠦ᠂ ᠵᠧ ᠬᠦ
ᠠᠴᠢ ᠨᠢ ᠶᠤᠮ  ᠰᠢᠭ ᠬᠦᠷᠲᠡᠨ᠎ᠡ ᠳᠡ
ᠠᠢ ᠬᠦ᠂ ᠵᠧ ᠬᠦ
ᠠᠴᠢ ᠨᠢ ᠶᠤᠮ ᠰᠢᠭ ᠬᠦᠷᠲᠡᠨ᠎ᠡ ᠳᠡ

ᠵᠡᠭᠦᠨ ᠪᠡᠶ᠎ᠡ ᠶ᠋ᠢᠨ ᠢ᠋ᠶ᠋ᠡᠨ ᠵᠤᠰᠠᠯᠠᠩ ᠢ᠋ᠶ᠋ᠠᠨ
ᠵᠡᠭᠦᠳᠦᠨ ᠳ᠋ᠡᠭᠡᠨ ᠪᠢ ᠰᠠᠨᠠᠨ᠎ᠠ ᠳᠠ
ᠵᠢᠷᠦᠬᠡᠨ ᠦ᠌ ᠠᠮᠠᠷᠠᠭ ᠤ᠋ᠨ ᠬᠠᠢᠷ᠎ᠠ ᠶ᠋ᠢ
ᠵᠢᠭᠡ ᠨᠢ  ᠶᠤᠮ ᠰᠢᠭ ᠬᠦᠷᠲᠡᠨ᠎ᠡ ᠳᠡ
ᠠᠢ ᠬᠦ᠂ ᠵᠧ ᠬᠦ
ᠵᠢᠭᠡ ᠨᠢ  ᠶᠤᠮ  ᠰᠢᠭ ᠬᠦᠷᠲᠡᠨ᠎ᠡ ᠳᠡ
ᠠᠢ ᠬᠦ᠂ ᠵᠧ ᠬᠦ
ᠵᠢᠭᠡ ᠨᠢ   ᠶᠤᠮ ᠰᠢᠭ ᠬᠦᠷᠲᠡᠨ᠎ᠡ ᠳᠡ
ᠠᠢ ᠬᠦ᠂ ᠵᠧ ᠬᠦ
ᠵᠢᠭᠡ ᠨᠢ ᠶᠤᠮ  ᠰᠢᠭ ᠬᠦᠷᠲᠡᠨ᠎ᠡ ᠳᠡ

  ᠦᠰᠦᠭ ᠠᠮᠢᠯᠠᠭᠤᠯᠤᠭᠴᠢ᠄ ᠪᠠᠢ ᠰᠠᠷᠠᠨ᠎ᠠ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ᠄ ᠰᠣᠨᠢᠨᠪᠠᠶᠠᠷ