ᠴᠢᠮ᠎ᠠ ᠶ᠋ᠢ ᠲᠣᠭᠣᠷᠢᠨ ᠡᠷᠭᠢᠯᠳᠦᠨ᠎ᠡ -ᠲᠦᠪᠳᠦᠨᠳᠣᠷᠵᠢ Chamyg toiron ergeldene-TövdondorjЧамыг тойрон эргэлдэнэ-Төвдондорж
ᠴᠢᠮ᠎ᠠ ᠶ᠋ᠢ ᠲᠣᠭᠣᠷᠢᠨ ᠡᠷᠭᠢᠯᠳᠦᠨ᠎ᠡ
ᠦᠭᠡ᠄ ᠪ· ᡀᠠᠬᠠᠪᠠᠰᠥ᠋ᠷᠦᠩ
ᠠᠶ᠎ᠠ᠄ ᠳ· ᠪᠠᠲᠤᠲᠡᠮᠦᠷ
ᠳᠠᠭᠤᠴᠢᠨ᠄ ᠲᠦᠪᠳᠦᠨᠳᠣᠷᠵᠢ
ᠵᠤᠯᠠᠢ ᠳᠡᠭᠡᠷ᠎ᠡ ᠡᠴᠡ ᠴᠢᠨᠢ
ᠪᠣᠷᠣᠭ᠎ᠠ ᠪᠣᠯᠤᠨ ᠠᠰᠬᠠᠷᠠᠵᠤ
ᠥᠯᠮᠡᠢ ᠳᠣᠣᠷ᠎ᠠ ᠠ᠋ᠴᠠ ᠴᠢᠨᠢ
ᠴᠡᠴᠡᠭ ᠪᠣᠯᠤᠨ ᠤᠷᠭᠤᠵᠤ
ᠴᠢᠩ ᠬᠠᠢᠷ᠎ᠠ ᠶ᠋ᠢᠨ ᠰᠡᠳᠬᠢᠯ ᠮᠢᠨᠢ
ᠴᠢᠮ᠎ᠠ ᠶ᠋ᠢ ᠲᠣᠭᠣᠷᠢᠨ ᠡᠷᠭᠢᠯᠳᠦᠨ᠎ᠡ
ᠳᠡᠷᠡᠨ ᠳᠣᠣᠭᠤᠷ ᠴᠢᠨᠢ
ᠰᠠᠷᠠᠨ ᠪᠣᠯᠤᠨ ᠰᠢᠷᠭᠤᠵᠤ
ᠮᠠᠩᠨᠠᠢ ᠳᠡᠭᠡᠷ᠎ᠡ ᠡᠴᠡ ᠴᠢᠨᠢ
ᠨᠠᠷᠠᠨ ᠪᠣᠯᠤᠨ ᠮᠠᠨᠳᠤᠵᠤ
ᠴᠢᠩ ᠬᠠᠢᠷ᠎ᠠ ᠶ᠋ᠢᠨ ᠰᠡᠳᠬᠢᠯ ᠮᠢᠨᠢ
ᠴᠢᠮ᠎ᠠ ᠶ᠋ᠢ ᠲᠣᠭᠣᠷᠢᠨ ᠡᠷᠭᠢᠯᠳᠦᠨ᠎ᠡ
ᠤᠷᠤᠭᠤᠯ ᠤ᠋ᠨ ᠴᠢᠨᠢ ᠦᠵᠦᠭᠦᠷ ᠡᠴᠡ
ᠳᠠᠭᠤᠤ ᠪᠣᠯᠤᠨ ᠰᠠᠴᠤᠷᠠᠵᠤ
ᠠᠭᠤᠯᠠᠰ ᠤ᠋ᠨ ᠴᠢᠨᠢ ᠬᠢᠷ᠎ᠠ ᠠ᠋ᠴᠠ
ᠴᠤᠤᠷᠠᠢ ᠪᠣᠯᠤᠨ ᠪᠤᠴᠠᠵᠤ
ᠴᠢᠩ ᠬᠠᠢᠷ᠎ᠠ ᠶ᠋ᠢᠨ ᠰᠡᠳᠬᠢᠯ
ᠴᠢᠮ᠎ᠠ ᠶ᠋ᠢ ᠲᠣᠭᠣᠷᠢᠨ ᠡᠷᠭᠢᠯᠳᠦᠨ᠎ᠡ
ᠣᠨ ᠵᠢᠯ ᠦ᠋ᠳ ᠦ᠋ᠨ ᠴᠠᠭᠠᠨ᠎ᠠ ᠠ᠋ᠴᠠ
ᠳᠤᠷᠠᠳᠬᠠᠯ ᠪᠣᠯᠤᠨ ᠪᠤᠴᠠᠭᠠᠳ
ᠣᠴᠢᠬᠤ ᠭᠡᠰᠡᠨ ᠵᠦᠭ ᠡᠴᠡ ᠴᠢᠨᠢ
ᠢᠷᠡᠭᠡᠳᠦᠢ ᠪᠣᠯᠤᠨ ᠲᠣᠰᠴᠤ
ᠴᠢᠩ ᠬᠠᠢᠷ᠎ᠠ ᠶ᠋ᠢᠨ ᠰᠡᠳᠬᠢᠯ ᠮᠢᠨᠢ
ᠴᠢᠮ᠎ᠠ ᠶ᠋ᠢ ᠲᠣᠭᠣᠷᠢᠨ ᠡᠷᠭᠢᠯᠳᠦᠨ᠎ᠡ
ᠴᠢᠩ ᠬᠠᠢᠷ᠎ᠠ ᠶ᠋ᠢᠨ ᠰᠡᠳᠬᠢᠯ ᠮᠢᠨᠢ
ᠴᠢᠮ᠎ᠠ ᠶ᠋ᠢ ᠲᠣᠭᠣᠷᠢᠨ ᠡᠷᠭᠢᠯᠳᠦᠨ᠎ᠡ᠂ ᠡᠷᠭᠢᠯᠳᠦᠨ᠎ᠡ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
