ᠮᠣᠩᠭᠣᠯ ᠡᠮᠴᠢ ᠶ᠋ᠢᠨ ᠮᠠᠭᠲᠠᠭᠠᠯ- ᠪᠦᠷᠢᠨᠪᠠᠶᠠᠷMongol emchiin magtaal-BürnbayarМонгол эмчийн магтаал-Бүрнбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠴᠢ ᠶ᠋ᠢᠨ ᠮᠠᠭᠲᠠᠭᠠᠯ- ᠪᠦᠷᠢᠨᠪᠠᠶᠠᠷMongol emchiin magtaal-BürnbayarМонгол эмчийн магтаал-Бүрнбаяр

ᠮᠣᠩᠭᠣᠯ ᠡᠮᠴᠢ ᠶ᠋ᠢᠨ ᠮᠠᠭᠲᠠᠭᠠᠯ- ᠪᠦᠷᠢᠨᠪᠠᠶᠠᠷMongol emchiin magtaal-BürnbayarМонгол эмчийн магтаал-Бүрнбаяр

ᠠᠩᠭᠢᠯᠠᠯ:ᠳᠠᠭᠤᠤ ᠬᠥᠭᠵᠢᠮ
2026-02-07

374

ᠮᠣᠩᠭᠣᠯ ᠡᠮᠴᠢ ᠶ᠋ᠢᠨ ᠮᠠᠭᠲᠠᠭᠠᠯ


                 ᠮᠣᠩᠭᠣᠯᠵᠢᠨ ᠳᠠᠭᠤᠤ 
        ᠦᠭᠡ᠄ ᠪᠠᠢ ᠭᠠᠩ 
        ᠠᠶ᠎ᠠ᠄  ᠮᠠ ᠭᠦᠸᠧ ᠪᠤᠤ 
        ᠳᠠᠭᠤᠴᠢᠨ᠄ ᠪᠦᠷᠢᠨᠪᠠᠶᠠᠷ 

ᠤᠯᠠᠭᠠᠨ ᠯᠢᠩᠬᠤ᠎ᠠ ᠴᠡᠴᠡᠭ ᠴᠢᠨᠢ ᠠ᠋ ᠬᠦᠢ 
ᠤᠰᠤᠨ ᠪᠤᠯᠠᠭ ᠲᠤ᠌ ᠳᠡᠯᠭᠡᠷᠡᠭᠰᠡᠨ ᠶᠦ᠍ᠮ ᠠ᠋ ᠬᠦᠢ 
ᠤᠷᠢᠳᠤ ᠶ᠋ᠢᠨ ᠲᠡᠦᠬᠡ ᠲᠡᠢ ᠮᠣᠩᠭᠣᠯᠵᠢᠨ ᠤ᠋ ᠭᠡᠭᠡᠨ ᠰᠦᠮ᠎ᠡ ᠶ᠋ᠢᠨ 
ᠣᠷᠳᠣᠨ ᠠ᠋ᠴᠠ ᠮᠠᠮᠪᠠᠷᠠᠰᠠᠩ ᠢᠯᠡᠷᠡᠭᠰᠡᠨ ᠶᠦ᠍ᠮ ᠠ᠋ ᠬᠦᠢ 
ᠣᠷᠴᠢᠯᠠᠩ ᠳᠡᠯᠡᠬᠡᠢ ᠶ᠋ᠢ ᠭᠡᠷᠡᠯᠲᠦᠭᠦᠯᠬᠦ ᠡᠴᠡ ᠬᠦᠢ ᠨᠠᠷᠠᠨ ᠤ᠋ ᠭᠡᠭᠡᠨ ᠭᠡᠷᠡᠯ ᠶᠦ᠍ᠮ ᠠ᠋ ᠬᠦᠢ 
ᠣᠲᠠᠴᠢ ᠪᠤᠷᠬᠠᠨ ᠠ᠋ᠴᠠ ᠡᠪᠡᠳᠴᠢᠨ ᠪᠦᠬᠦᠨ ᠢ᠋ ᠠᠷᠢᠯᠭᠠᠬᠤ ᠪᠠᠷ 
ᠮᠣᠩᠭᠣᠯ ᠡᠮᠴᠢ ᠨᠠᠷ ᠢ᠋ ᠮᠡᠨᠳᠦᠯᠡᠭᠦᠯᠦᠭᠰᠡᠨ ᠶᠦ᠍ᠮ ᠠ᠋ ᠬᠦᠢ 
ᠣᠮ  ᠮᠠ ᠨᠢ ᠪᠠᠳ ᠮᠢ ᠬᠣᠩ 
ᠮᠣᠩᠭᠣᠯ ᠡᠮᠴᠢ ᠶ᠋ᠢᠨ ᠮᠡᠷᠭᠡᠵᠢᠯ ᠴᠢᠳᠠᠪᠤᠷᠢ
ᠡᠩ ᠳᠡᠯᠡᠬᠡᠢ ᠳ᠋ᠦ᠍ ᠮᠥᠩᠬᠡᠷᠡᠭᠡᠰᠡᠢ ᠬᠦᠢ

ᠴᠠᠭᠠᠨ ᠯᠢᠩᠬᠤ᠎ᠠ ᠴᠡᠴᠡᠭ ᠴᠢᠨᠢ ᠠ᠋ ᠬᠦᠢ
ᠰᠢᠨᠡᠳ ᠪᠤᠯᠠᠭ ᠲᠤ᠌ ᠳᠡᠯᠭᠡᠷᠡᠭᠰᠡᠨ ᠶᠦ᠍ᠮ ᠠ᠋ ᠬᠦᠢ
ᠰᠢᠨᠡᠬᠡᠨ ᠲᠡᠦᠬᠡ ᠲᠡᠢ ᠮᠣᠩᠭᠣᠯᠵᠢᠨ ᠤ᠋ ᠭᠡᠭᠡᠨ ᠰᠦᠮ᠎ᠡ ᠶ᠋ᠢᠨ
ᠣᠷᠳᠣᠨ ᠠ᠋ᠴᠠ ᠮᠠᠮᠪᠠᠷᠠᠰᠠᠩ ᠢᠯᠡᠷᠡᠭᠰᠡᠨ ᠶᠦ᠍ᠮ ᠠ᠋ ᠬᠦᠢ
ᠽᠠᠮᠪᠤᠲᠢᠪ ᠢ᠋ ᠭᠡᠢᠭᠦᠯᠬᠦ ᠨᠢ ᠠ᠋ ᠬᠦᠢ ᠰᠠᠷᠠᠨ ᠤ᠋ ᠰᠠᠢᠬᠠᠨ ᠲᠤᠶᠠᠭ᠎ᠠ ᠶᠤᠮ ᠠ᠋ ᠬᠦᠢ
ᠰᠠᠮᠠᠭᠤᠨ ᠡᠪᠡᠳᠴᠢᠨ ᠢ᠋ ᠱᠦᠭᠦᠷᠳᠡᠵᠦ ᠠᠷᠢᠯᠭᠠᠬᠤ ᠪᠠᠷ
ᠮᠣᠩᠭᠣᠯ ᠡᠮᠴᠢ ᠨᠠᠷ ᠢ᠋ ᠮᠡᠨᠳᠦᠯᠡᠭᠦᠯᠦᠭᠰᠡᠨ ᠶᠦ᠍ᠮ ᠠ᠋ ᠬᠦᠢ
ᠣᠮ  ᠮᠠ  ᠨᠢ ᠪᠠᠳ ᠮᠢ ᠬᠣᠩ
ᠮᠣᠩᠭᠣᠯ ᠡᠮᠴᠢ ᠶ᠋ᠢᠨ ᠮᠡᠷᠭᠡᠵᠢᠯ ᠴᠢᠳᠠᠪᠤᠷᠢ
ᠡᠩ ᠳᠡᠯᠡᠬᠡᠢ ᠳ᠋ᠦ᠍ ᠮᠥᠩᠬᠡᠷᠡᠭᠡᠰᠡᠢ ᠬᠦᠢ

ᠣᠮ  ᠮᠠ  ᠨᠢ ᠪᠠᠳ ᠮᠢ ᠬᠣᠮ
ᠮᠣᠩᠭᠣᠯ ᠡᠮᠴᠢ ᠶ᠋ᠢᠨ ᠮᠡᠷᠭᠡᠵᠢᠯ ᠴᠢᠳᠠᠪᠤᠷᠢ
ᠡᠩ ᠳᠡᠯᠡᠬᠡᠢ ᠳ᠋ᠦ᠍ ᠮᠥᠩᠬᠡᠷᠡᠭᠡᠰᠡᠢ ᠬᠦᠢ
ᠡᠩ ᠳᠡᠯᠡᠬᠡᠢ ᠳ᠋ᠦ᠍ ᠮᠥᠩᠬᠡᠷᠡᠭᠡᠰᠡᠢ ᠬᠦᠢ
ᠡᠩ ᠳᠡᠯᠡᠬᠡᠢ ᠳ᠋ᠦ᠍ ᠮᠥᠩᠬᠡᠷᠡᠭᠡᠰᠡᠢ ᠬᠦᠢ

      ᠢᠷᠡᠯᠲᠡ ᠄ ᠰᠦᠯᠵᠢᠶ᠎ᠡ
      ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
      ᠪᠢᠴᠢᠯᠭᠡ ᠶ᠋ᠢᠨ ᠵᠠᠷᠤᠭ ᠢ᠋ 《 ᠡᠮᠨᠡᠯᠭᠡ ᠶ᠋ᠢᠨ ᠨᠡᠷᠡᠰ 》 ᠨᠣᠮ ᠠ᠋ᠴᠠ ᠬᠠᠭᠤᠯᠪᠠ
      ᠬᠢᠨᠠᠭᠴᠢ ᠄ ᠰᠡᠴᠡᠨ