ᠰᠢᠨ᠎ᠡ ᠵᠢᠯ -ᠳᠠᠯᠠᠢ Shine jil-DalaiШинэ жил-Далай
ᠰᠢᠨ᠎ᠡ ᠵᠢᠯ
ᠦᠭᠡ᠄ ᠳᠡᠯᠭᠡᠷᠵᠠᠪ
ᠠᠶ᠎ᠠ᠄ ᠳᠡᠯᠭᠡᠷᠵᠠᠪ ᠂ ᠤᠯᠠᠭᠠᠨ
ᠳᠠᠭᠤᠴᠢᠨ᠄ ᠳᠠᠯᠠᠢ
ᠰᠢᠨ᠎ᠡ ᠨᠢᠭᠡ ᠵᠢᠯ ᠢ᠋ᠶ᠋ᠡᠨ ᠢᠷᠡᠨ᠎ᠡ ᠭᠡᠳ
ᠰᠢᠬᠢᠷ ᠪᠡᠯᠡᠳᠬᠡᠵᠦ ᠠᠮᠵᠢᠯ᠎ᠠ
ᠰᠠᠳᠤᠨ ᠲᠥᠷᠥᠯ ᠢ᠋ᠶ᠋ᠡᠨ ᠢᠷᠡᠨ᠎ᠡ ᠭᠡᠳ
ᠲᠠᠭᠠᠲᠠᠢᠬᠠᠨ ᠬᠦᠯᠢᠶᠡᠵᠦ ᠰᠠᠭᠤᠯ᠎ᠠ
ᠪᠤᠭᠤᠷᠤᠯ ᠵᠢᠯ ᠢ᠋ᠶ᠋ᠡᠨ ᠶᠠᠪᠤᠯ᠎ᠠ ᠭᠡᠳ
ᠪᠣᠯᠪᠠᠰᠤᠷᠠᠯ ᠰᠤᠷᠭᠠᠯ ᠰᠠᠭᠤᠭᠳᠠᠯ᠎ᠠ
ᠪᠣᠲᠣᠭᠣᠨ ᠵᠢᠯ ᠢ᠋ᠶ᠋ᠡᠨ ᠢᠷᠡᠯ᠎ᠡ ᠭᠡᠳ
ᠪᠤᠶᠠᠨ ᠲᠠᠢ ᠢᠷᠦᠭᠡᠯ ᠰᠢᠩᠭᠡᠭᠡᠲᠦᠭᠡᠢ
ᠯᠡ ᠯᠡ ᠯᠡ
ᠪᠣᠯᠪᠠᠰᠤᠨ ᠰᠤᠷᠭᠠᠯ ᠰᠠᠭᠤᠭᠳᠠᠯ᠎ᠠ
ᠪᠣᠲᠣᠭᠣᠨ ᠵᠢᠯ ᠢ᠋ᠶ᠋ᠡᠨ ᠢᠷᠡᠯ᠎ᠡ ᠭᠡᠳ
ᠪᠤᠶᠠᠨ ᠲᠠᠢ ᠢᠷᠦᠭᠡᠯ ᠰᠢᠩᠭᠡᠭᠡᠲᠦᠭᠡᠢ
ᠯᠡ ᠯᠡ ᠯᠡ
ᠪᠣᠯᠪᠠᠰᠤᠨ ᠰᠤᠷᠭᠠᠯ ᠰᠠᠭᠤᠭᠳᠠᠯ᠎ᠠ
ᠪᠣᠲᠣᠭᠣᠨ ᠵᠢᠯ ᠢ᠋ᠶ᠋ᠡᠨ ᠢᠷᠡᠯ᠎ᠡ ᠭᠡᠳ
ᠪᠤᠶᠠᠨ ᠢᠷᠦᠭᠡᠯ ᠰᠢᠩᠭᠡᠭᠡᠲᠦᠭᠡᠢ
ᠴᠠᠭᠠᠨ ᠰᠠᠷ᠎ᠠ ᠮᠢᠨᠢ ᠢᠷᠡᠨ᠎ᠡ ᠭᠡᠳ
ᠴᠠᠢ ᠪᠠᠨ ᠰᠠᠮᠤᠷᠴᠤ ᠰᠠᠨᠳᠤᠷᠤᠯᠠ
ᠴᠠᠢᠯᠭᠠᠨ ᠲᠠᠨᠠᠷ ᠢ᠋ᠶ᠋ᠠᠨ ᠢᠷᠡᠯ᠎ᠡ ᠭᠡᠳ
ᠴᠠᠩᠲᠤᠭᠰᠠᠨ ᠰᠡᠳᠬᠢᠯ ᠮᠢᠨᠢ ᠠᠭᠤᠵᠢᠷᠠᠯ᠎ᠠ
ᠠᠵᠠ ᠵᠢᠷᠭᠠᠯ ᠣᠷᠣᠰᠢᠬᠤ ᠬᠣᠷᠸ᠎ᠠ ᠳ᠋ᠤ᠌
ᠪᠠᠶᠠᠷ ᠴᠡᠩᠭᠡᠯ ᠢ᠋ᠶ᠋ᠡᠷ ᠪᠢᠯᠬᠠᠭᠠᠰᠠᠢ
ᠢᠷᠦᠭᠡᠯ ᠰᠢᠩᠭᠡᠭᠡᠭᠰᠡᠨ ᠨᠤᠲᠤᠭ ᠲᠠᠭᠠᠨ
ᠮᠥᠩᠬᠡ ᠶ᠋ᠢᠨ ᠨᠠᠰᠤᠨ ᠳ᠋ᠠᠭᠠᠨ ᠵᠢᠷᠭᠠᠭᠠᠷᠠᠢ
ᠯᠠ ᠯᠠ ᠯᠠ
ᠪᠠᠶᠠᠷ ᠴᠡᠩᠭᠡᠯ ᠢ᠋ᠶ᠋ᠡᠷ ᠪᠢᠯᠬᠠᠭᠠᠰᠠᠢ
ᠢᠷᠦᠭᠡᠯ ᠰᠢᠩᠭᠡᠭᠡᠭᠰᠡᠨ ᠨᠤᠲᠤᠭ ᠲᠠᠭᠠᠨ
ᠮᠥᠩᠬᠡ ᠶ᠋ᠢᠨ ᠨᠠᠰᠤᠨ ᠳ᠋ᠠᠭᠠᠨ ᠵᠢᠷᠭᠠᠭᠠᠷᠠᠢ
ᠯᠠ ᠯᠠ ᠯᠠ
ᠪᠠᠶᠠᠷ ᠴᠡᠩᠭᠡᠯ ᠢ᠋ᠶ᠋ᠡᠷ ᠪᠢᠯᠬᠠᠭᠠᠰᠠᠢ
ᠢᠷᠦᠭᠡᠯ ᠰᠢᠩᠭᠡᠭᠡᠭᠰᠡᠨ ᠨᠤᠲᠤᠭ ᠲᠠᠭᠠᠨ
ᠮᠥᠩᠬᠡ ᠶ᠋ᠢᠨ ᠨᠠᠰᠤᠨ ᠳ᠋ᠠᠭᠠᠨ ᠵᠢᠷᠭᠠᠭᠠᠷᠠᠢ
ᠯᠠ ᠯᠠ ᠯᠠ
ᠦᠰᠦᠭ ᠬᠠᠲᠠᠭᠴᠢ᠂ ᠪᠠᠢ᠂ ᠰᠠᠷᠠᠨ᠎ᠠ
ᠦᠰᠦᠭ ᠠᠮᠢᠯᠠᠭᠤᠯᠤᠭᠴᠢ᠄ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
