ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠМонгол удмын хийморь бадарган шанаалъя ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠМонгол удмын хийморь бадарган шанаалъя

ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠМонгол удмын хийморь бадарган шанаалъя

ᠠᠩᠭᠢᠯᠠᠯ:ᠳᠠᠭᠤᠤ ᠬᠥᠭᠵᠢᠮ
2026-02-04

450

ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠ

    
         ᠦᠭᠡ᠄ ᠨᠠ᠊· ᠮᠥᠩᠬᠡᠪᠠᠭᠠᠲᠤᠷ 
         ᠠᠶ᠎ᠠ᠄ ᠬᠠᠰᠴᠢᠯᠠᠭᠤ 
         ᠳᠠᠭᠤᠴᠢᠨ᠄ ᠤᠷᠭᠤᠮᠠᠯ᠂ ᠰᠤᠪᠤᠳ᠂ ᠡᠷᠳᠡᠨᠢᠪᠤᠯᠠᠭ᠂ ᠵᠣᠷᠢᠭᠲᠤ 
         ᠰᠢᠩᠭᠡᠭᠡᠨ ᠦᠢᠯᠡᠳᠦᠭᠴᠢ᠄ ᠵᠣᠷᠢᠭᠲᠤ 

ᠠᠭᠠᠷ ᠲᠩᠷᠢ ᠳ᠋ᠡᠭᠡᠨ ᠰᠦᠰᠦᠭᠯᠡᠨ ᠵᠠᠯᠪᠠᠷᠢᠵᠤ 
ᠠᠮᠤᠭᠤᠯᠠᠩ ᠲᠠᠢᠪᠤᠩ ᠢ᠋ᠶ᠋ᠠᠨ ᠳᠠᠭᠠᠳᠬᠠᠨ ᠰᠢᠨᠠᠯᠠᠶ᠎ᠠ 
ᠠᠪᠤ ᠡᠵᠢ ᠳ᠋ᠡᠭᠡᠨ ᠰᠥᠬᠥᠷᠦᠨ ᠮᠥᠷᠭᠥᠵᠦ 
ᠠᠴᠢᠯᠠᠯ ᠵᠢᠷᠤᠭ ᠢ᠋ᠶ᠋ᠠᠨ ᠭᠦᠢᠴᠡᠳᠬᠡᠨ ᠰᠢᠨᠠᠯᠠᠶ᠎ᠠ 
ᠰᠠᠨᠰᠠᠷ ᠬᠣᠷᠸ᠎ᠠ ᠳ᠋ᠠᠭᠠᠨ ᠰᠠᠴᠤᠯᠢ ᠡᠷᠭᠦᠵᠦ 
ᠰᠠᠢᠨ ᠰᠠᠢᠬᠠᠨ ᠢ᠋ᠶ᠋ᠠᠨ ᠵᠥᠩᠨᠡᠨ ᠰᠢᠨᠠᠯᠠᠶ᠎ᠠ 
ᠰᠠᠳᠤᠨ ᠲᠥᠷᠥᠯ ᠳ᠋ᠡᠭᠡᠨ ᠠᠭᠤᠯᠵᠠᠨ ᠵᠣᠯᠭᠠᠵᠤ
ᠰᠠᠨᠠᠭ᠎ᠠ ᠰᠡᠳᠬᠢᠯ ᠢ᠋ᠶ᠋ᠡᠨ ᠬᠥᠭᠰᠡᠭᠡᠨ ᠰᠢᠨᠠᠯᠠᠶ᠎ᠠ
ᠠᠢ᠁
ᠤᠤᠯ ᠤ᠋ᠨ ᠶᠣᠰᠣ ᠪᠠᠷ ᠴᠠᠭᠠᠯᠠᠶ᠎ᠠ
ᠤᠷᠲᠤ ᠶ᠋ᠢᠨ ᠳᠠᠭᠤᠤ ᠲᠠᠢ ᠰᠢᠨᠠᠯᠠᠶ᠎ᠠ
ᠮᠣᠷᠢᠨ ᠨᠢᠷᠤᠭᠤᠨ ᠳᠡᠭᠡᠷ᠎ᠡ ᠮᠤᠨᠳᠠᠭ᠎ᠠ ᠬᠡᠢᠰᠬᠡᠨ ᠴᠠᠭᠠᠯᠠᠶ᠎ᠠ
ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠ

ᠲᠣᠷᠭᠠᠨ ᠲᠠᠯ᠎ᠠ ᠳ᠋ᠠᠭᠠᠨ ᠲᠣᠭᠣᠰᠣ ᠳᠡᠭᠳᠡᠭᠡᠵᠦ
ᠲᠣᠭᠠᠲᠠᠢᠬᠠᠨ ᠨᠠᠰᠤ ᠪᠠᠨ ᠬᠤᠷᠤᠢᠯᠠᠨ ᠰᠢᠨᠠᠯᠠᠶ᠎ᠠ
ᠲᠣᠭᠣᠨᠣᠲᠤ ᠭᠡᠷ ᠲᠡᠭᠡᠨ ᠢᠨᠢᠶᠡᠳᠦ ᠴᠠᠯᠭᠢᠭᠤᠯᠵᠤ 

ᠲᠣᠭᠣᠷᠢᠭᠰᠠᠨ ᠣᠯᠠᠨ ᠢ᠋ᠶ᠋ᠠᠨ ᠪᠠᠶᠠᠰᠬᠠᠨ ᠰᠢᠨᠡᠯᠡᠶ᠎ᠡ
ᠤᠨᠠᠭᠰᠠᠨ ᠨᠤᠲᠤᠭ ᠲᠠᠭᠠᠨ ᠵᠢᠷᠭᠠᠯ ᠳᠠᠯᠠᠯᠵᠤ
ᠤᠭᠰᠠᠭ᠎ᠠ ᠭᠣᠯᠣᠮᠲᠠ ᠪᠠᠨ ᠬᠥᠭᠵᠢᠭᠡᠨ ᠰᠢᠨᠡᠯᠡᠶ᠎ᠡ
ᠤᠤᠭᠤᠭᠰᠠᠨ ᠤᠰᠤᠨ ᠳ᠋ᠠᠭᠠᠨ ᠷᠠᠰᠢᠶᠠᠨ ᠰᠡᠷᠵᠢᠮᠯᠡᠵᠦ
ᠤᠤᠭᠠᠯ ᠵᠠᠩᠰᠢᠯ ᠢ᠋ᠶ᠋ᠠᠨ ᠰᠡᠷᠭᠦᠭᠡᠨ ᠰᠢᠨᠠᠯᠠᠶ᠎ᠠ
ᠠᠢ᠁
 ᠤᠤᠯ ᠤ᠋ᠨ ᠶᠣᠰᠣ ᠪᠠᠷ ᠴᠠᠭᠠᠯᠠᠶ᠎ᠠ
ᠤᠷᠲᠤ ᠶ᠋ᠢᠨ ᠳᠠᠭᠤᠤ ᠲᠠᠢ ᠰᠢᠨᠠᠯᠠᠶ᠎ᠠ
ᠮᠣᠷᠢᠨ ᠨᠢᠷᠤᠭᠤᠨ ᠳᠡᠭᠡᠷ᠎ᠡ ᠮᠤᠨᠳᠠᠭ᠎ᠠ ᠬᠡᠢᠰᠬᠡᠨ ᠴᠠᠭᠠᠯᠠᠶ᠎ᠠ
ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠ
ᠮᠣᠩᠭᠣᠯ ᠤᠳᠤᠮ ᠤ᠋ᠨ ᠬᠡᠢᠮᠣᠷᠢ ᠪᠠᠳᠠᠷᠭᠠᠨ ᠰᠢᠨᠠᠯᠠᠶ᠎ᠠ

   ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
   ᠦᠰᠦᠭ ᠬᠠᠳᠠᠭᠴᠢ᠄ ᠪᠠᠢ ᠰᠠᠷᠠᠨ᠎ᠠ
   ᠬᠢᠨᠠᠭᠴᠢ᠄ ᠣᠳᠬᠠᠨᠰᠣ᠎ᠠ