ᠡᠵᠢ ᠰᠠᠨᠠᠭᠳᠠᠬᠤ ᠨᠤᠲᠤᠭ - ᠦᠭᠡ᠄ ᠰ· ᠰᠠᠷᠠᠨᠰᠦ᠋ᠬᠡ᠂ ᠠᠶ᠎ᠠ᠄ ᠰᠡᠷᠭᠦᠯᠡᠩᠴᠣᠭᠲᠤ᠂ᠳᠠᠭᠤᠴᠢᠨ᠄ ᠨᠢ᠊· ᠴᠢᠯᠠᠭᠤᠨᠪᠠᠭᠠᠲᠤᠷ Ээж санагдах нутаг - үг᠄ С· Сарансүх᠂ ая᠄ Сэргэлэнцогт᠂ дуучин᠄ Нь· Чулуунбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠰᠠᠨᠠᠭᠳᠠᠬᠤ ᠨᠤᠲᠤᠭ - ᠦᠭᠡ᠄ ᠰ· ᠰᠠᠷᠠᠨᠰᠦ᠋ᠬᠡ᠂ ᠠᠶ᠎ᠠ᠄ ᠰᠡᠷᠭᠦᠯᠡᠩᠴᠣᠭᠲᠤ᠂ᠳᠠᠭᠤᠴᠢᠨ᠄ ᠨᠢ᠊· ᠴᠢᠯᠠᠭᠤᠨᠪᠠᠭᠠᠲᠤᠷ Ээж санагдах нутаг - үг᠄ С· Сарансүх᠂ ая᠄ Сэргэлэнцогт᠂ дуучин᠄ Нь· Чулуунбаатар

ᠡᠵᠢ ᠰᠠᠨᠠᠭᠳᠠᠬᠤ ᠨᠤᠲᠤᠭ - ᠦᠭᠡ᠄ ᠰ· ᠰᠠᠷᠠᠨᠰᠦ᠋ᠬᠡ᠂ ᠠᠶ᠎ᠠ᠄ ᠰᠡᠷᠭᠦᠯᠡᠩᠴᠣᠭᠲᠤ᠂ᠳᠠᠭᠤᠴᠢᠨ᠄ ᠨᠢ᠊· ᠴᠢᠯᠠᠭᠤᠨᠪᠠᠭᠠᠲᠤᠷ Ээж санагдах нутаг - үг᠄ С· Сарансүх᠂ ая᠄ Сэргэлэнцогт᠂ дуучин᠄ Нь· Чулуунбаатар

ᠠᠩᠭᠢᠯᠠᠯ:ᠳᠠᠭᠤᠤ ᠬᠥᠭᠵᠢᠮ
2026-02-03

1070

ᠡᠵᠢ ᠰᠠᠨᠠᠭᠳᠠᠬᠤ ᠨᠤᠲᠤᠭ


                ᠦᠭᠡ᠄ ᠰ·ᠰᠠᠷᠠᠨᠰᠦ᠋ᠬᠡ 
                 ᠠᠶ᠎ᠠ᠄ ᠰᠡᠷᠭᠦᠯᠡᠩᠴᠣᠭᠲᠤ  
                 ᠳᠠᠭᠤᠴᠢᠨ᠄ ᠨᠢ·ᠴᠢᠯᠠᠭᠤᠨᠪᠠᠭᠠᠲᠤᠷ  

 ᠰᠠᠭᠠᠯᠢ ᠶ᠋ᠢᠨ ᠵᠠᠯᠠᠨ ᠠ᠋ᠴᠠ ᠡᠵᠢ ᠮᠢᠨᠢ ᠨᠠᠭᠠᠰᠢᠯᠠᠬᠤ ᠶᠠᠪᠤᠭ᠎ᠠ ᠨᠢ ᠪᠣᠳᠣᠭᠳᠠᠨ᠎ᠠ  
 ᠰᠠᠨᠴᠢᠭ ᠨᠢ ᠪᠤᠭᠤᠷᠤᠯ ᠬᠢᠷᠠᠭᠤ ᠲᠠᠢ ᠰᠠᠷᠠᠪᠴᠢᠯᠠᠵᠤ ᠵᠣᠭᠰᠣᠭ᠎ᠠ ᠨᠢ ᠦᠵᠡᠭᠳᠡᠨ᠎ᠡ  
 ᠰᠠᠢᠬᠠᠨ ᠬᠥᠳᠡᠭᠡ ᠶ᠋ᠢᠨ ᠮᠢᠨᠢ ᠵᠤᠰᠠᠯᠠᠩ ᠨᠢᠳᠦ ᠳᠦᠭᠦᠷᠡᠩ ᠬᠠᠷᠠᠭᠳᠠᠨ᠎ᠠ  
 ᠰᠠᠶᠢᠬᠠᠨ ᠶᠤᠮ ᠰᠢᠭ᠋ ᠰᠠᠨᠠᠭᠳᠠᠵᠤ ᠵᠡᠭᠦᠳᠦ ᠶᠦᠮ ᠰᠢᠭ ᠡᠷᠢᠭᠳᠡᠨ᠎ᠡ  
     ᠪᠤᠴᠠᠨ ᠪᠤᠴᠠᠨ ᠭᠦᠶᠦᠭᠡᠳ ᠪᠠᠭ᠎ᠠ ᠶ᠋ᠢᠨ ᠨᠠᠰᠤᠨ ᠳ᠋ᠤ᠌ ᠪᠠᠨ ᠣᠴᠢᠮᠠᠷ  
     ᠪᠣᠳᠣᠨ ᠪᠣᠳᠣᠨ ᠤᠶᠠᠷᠠᠭᠠᠳ ᠤᠨᠠᠭᠠᠨ ᠨᠤᠲᠤᠭ ᠲᠤ ᠪᠠᠨ ᠬᠠᠷᠢᠮᠠᠷ 
     ᠪᠤᠳᠠᠩ ᠲᠠᠲᠠᠭᠠᠳ ᠬᠠᠷᠠᠭᠳᠠᠬᠤ ᠨᠢ ᠮᠢᠨᠦ ᠯᠡ ᠨᠤᠲᠤᠭ ᠤ᠋ᠨ ᠪᠠᠷ᠎ᠠ ᠤᠤ 
     ᠪᠣᠳᠣᠯ ᠥᠨᠵᠢᠭᠡᠳ ᠰᠠᠨᠠᠭᠳᠠᠬᠤ ᠨᠢ ᠮᠢᠨᠦ ᠯᠡ ᠡᠵᠢ ᠶ᠋ᠢᠨ ᠬᠠᠢᠷ᠎ᠠ ᠤᠤ  

 ᠡᠪᠦᠯ ᠦ᠋ᠨ ᠵᠢᠩ ᠲᠡᠢ ᠡᠳᠦᠷ ᠢ᠋ ᠡᠵᠢ ᠮᠢᠨᠢ ᠠᠷᠭᠠᠯ ᠢ᠋ᠶ᠋ᠠᠷ ᠪᠦᠯᠢᠶᠡᠰᠬᠡᠨ᠎ᠡ  
 ᠡᠩᠭᠡᠷ ᠨᠥᠮᠥᠷᠢ ᠲᠡᠢ ᠡᠪᠦᠯᠵᠢᠶᠡᠨ ᠳ᠋ᠦ᠍ ᠠᠢᠯ ᠬᠣᠲᠠ ᠮᠢᠨᠢ ᠥᠯᠴᠢᠷᠰᠢᠨ᠎ᠡ  
 ᠦᠩᠬᠦᠯᠴᠡᠭ ᠳᠤᠯᠠᠭᠠᠨ ᠭᠡᠷ ᠲᠦ᠍ ᠪᠡᠨ ᠥᠨᠢᠷ ᠥᠳᠬᠡᠨ ᠠᠮᠢᠳᠤᠷᠠᠨ᠎ᠠ  
 ᠥᠨᠥᠬᠡᠨ ᠶᠦᠮ ᠰᠢᠭ ᠰᠠᠨᠠᠭᠳᠠᠵᠤ ᠦᠯᠢᠭᠡᠷ ᠦ᠋ᠨ ᠶᠦᠮ ᠰᠢᠭ ᠳᠤᠷᠠᠰᠤᠭᠳᠠᠨ᠎ᠠ 
     ᠪᠤᠴᠠᠨ ᠪᠤᠴᠠᠨ ᠭᠦᠶᠦᠭᠡᠳ ᠪᠠᠭ᠎ᠠ ᠶ᠋ᠢᠨ ᠨᠠᠰᠤᠨ ᠳ᠋ᠤ᠌ ᠪᠠᠨ ᠣᠴᠢᠮᠠᠷ  
     ᠪᠣᠳᠣᠨ ᠪᠣᠳᠣᠨ ᠤᠶᠠᠷᠠᠭᠠᠳ ᠤᠨᠠᠭᠠᠨ ᠨᠤᠲᠤᠭ ᠲᠤ ᠪᠠᠨ ᠬᠠᠷᠢᠮᠠᠷ  
     ᠪᠤᠳᠠᠩ ᠲᠠᠲᠠᠭᠠᠳ ᠬᠠᠷᠠᠭᠳᠠᠬᠤ ᠨᠢ ᠮᠢᠨᠦ ᠯᠡ ᠨᠤᠲᠤᠭ ᠤ᠋ᠨ ᠪᠠᠷ᠎ᠠ ᠤᠤ  
     ᠪᠣᠳᠣᠯ ᠥᠨᠵᠢᠭᠡᠳ ᠰᠠᠨᠠᠭᠳᠠᠬᠤ ᠨᠢ ᠮᠢᠨᠦ ᠯᠡ ᠡᠵᠢ ᠶ᠋ᠢᠨ ᠬᠠᠢᠷ᠎ᠠ ᠤᠤ   

 ᠡᠩᠬᠦᠷᠡᠢ ᠪᠠᠭ᠎ᠠ ᠶ᠋ᠢᠨ ᠮᠢᠨᠢ ᠨᠠᠰᠤ ᠶ᠋ᠢ ᠡᠵᠢ ᠮᠢᠨᠢ ᠬᠥᠲᠥᠯᠵᠦ ᠠᠯᠬᠤᠨ᠎ᠠ  
 ᠡᠷᠴᠢᠬᠡᠷ ᠰᠢᠷ᠎ᠠ ᠳᠠᠭᠠᠬᠢ ᠶ᠋ᠢ ᠮᠢᠨᠢ ᠦᠨᠦᠷᠯᠡᠨ ᠲᠠᠭᠠᠯᠠᠵᠤ ᠢᠯᠪᠢᠨ᠎ᠡ  
 ᠡᠷᠭᠢᠭᠡᠳ ᠣᠯᠳᠠᠬᠤ ᠦᠭᠡᠢ ᠣᠨ ᠵᠢᠯ ᠦ᠋ᠳ ᠴᠡᠭᠡᠵᠢᠨ ᠳ᠋ᠦ᠍ ᠮᠢᠨᠢ ᠲᠣᠳᠣᠷᠠᠨ᠎ᠠ  
 ᠡᠨᠡᠭᠦᠬᠡᠨ ᠶᠦᠮ ᠰᠢᠭ ᠰᠠᠨᠠᠭᠳᠠᠵᠤ ᠡᠷᠭᠢᠨ ᠬᠠᠷᠠᠬᠤ ᠳ᠋ᠤ᠌ ᠪᠦᠳᠡᠭᠢᠷᠡᠨ᠎ᠡ  
     ᠪᠤᠴᠠᠨ ᠪᠤᠴᠠᠨ ᠭᠦᠶᠦᠭᠡᠳ ᠪᠠᠭ᠎ᠠ ᠶ᠋ᠢᠨ ᠨᠠᠰᠤᠨ ᠳ᠋ᠤ᠌ ᠪᠠᠨ ᠣᠴᠢᠮᠠᠷ  
     ᠪᠣᠳᠣᠨ ᠪᠣᠳᠣᠨ ᠤᠶᠠᠷᠠᠭᠠᠳ ᠤᠨᠠᠭᠠᠨ ᠨᠤᠲᠤᠭ ᠲᠤ ᠪᠠᠨ ᠬᠠᠷᠢᠮᠠᠷ  
     ᠪᠤᠳᠠᠩ ᠲᠠᠲᠠᠭᠠᠳ ᠬᠠᠷᠠᠭᠳᠠᠬᠤ ᠨᠢ ᠮᠢᠨᠦ ᠯᠡ ᠨᠤᠲᠤᠭ ᠤ᠋ᠨ ᠪᠠᠷ᠎ᠠ ᠤᠤ  
     ᠪᠣᠳᠣᠯ ᠥᠨᠵᠢᠭᠡᠳ ᠰᠠᠨᠠᠭᠳᠠᠬᠤ ᠨᠢ ᠮᠢᠨᠦ ᠯᠡ ᠡᠵᠢ ᠶ᠋ᠢᠨ ᠬᠠᠢᠷ᠎ᠠ ᠤᠤ  
                  ᠮᠢᠨᠦ ᠯᠡ ᠡᠵᠢ ᠶ᠋ᠢᠨ ᠬᠠᠢᠷ᠎ᠠ ᠤᠤ   

                ᠦᠰᠦᠭ ᠬᠠᠲᠠᠭᠴᠢ᠄ ᠪᠣᠷᠵᠢᠭᠢᠨ ᠰᠡᠴᠡᠨᠬᠦᠦ  
                ᠦᠰᠦᠭ ᠠᠮᠢᠯᠠᠭᠤᠯᠤᠭᠴᠢ᠄ ᠪᠣᠷᠵᠢᠭᠢᠨ ᠰᠡᠴᠡᠨᠬᠦᠦ  
                ᠬᠢᠨᠠᠯᠲᠠ ᠬᠢᠭᠴᠢ᠄ ᠪᠤᠤ· ᠰᠠᠷᠠᠨ᠎ᠠ