ᠡᠵᠢ ᠶ᠋ᠢ ᠪᠡᠨ ᠰᠠᠨᠠᠨ᠎ᠠ-ᠰᠠᠷᠠᠨᠲᠤᠨᠠᠯEejiigee sanana-SarantunalЭэжийгээ санана-Сарантунал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢ ᠪᠡᠨ ᠰᠠᠨᠠᠨ᠎ᠠ-ᠰᠠᠷᠠᠨᠲᠤᠨᠠᠯEejiigee sanana-SarantunalЭэжийгээ санана-Сарантунал

ᠡᠵᠢ ᠶ᠋ᠢ ᠪᠡᠨ ᠰᠠᠨᠠᠨ᠎ᠠ-ᠰᠠᠷᠠᠨᠲᠤᠨᠠᠯEejiigee sanana-SarantunalЭэжийгээ санана-Сарантунал

ᠠᠩᠭᠢᠯᠠᠯ:ᠳᠠᠭᠤᠤ ᠬᠥᠭᠵᠢᠮ
2026-02-03

17895

ᠡᠵᠢ ᠶ᠋ᠢ ᠪᠡᠨ ᠰᠠᠨᠠᠨ᠎ᠠ

          ᠦᠭᠡ᠄ ᠲᠤᠭᠴᠢ ᠯᠤᠪᠰᠠᠩ 
          ᠠᠶ᠎ᠠ ᠄ ᠴᠠᠭᠠᠨᠬᠦᠦ᠂ ᠰᠡᠴᠡᠨ 
          ᠳᠠᠭᠤᠴᠢᠨ᠄ ᠰᠠᠷᠠᠨᠲᠤᠨᠠᠯ 

 ᠥᠷᠥᠪᠴᠢᠬᠡᠨ ᠰᠡᠳᠬᠢᠯ ᠦ᠋ᠨ ᠰᠠᠷᠠᠨ ᠪᠦᠪᠡᠢ ᠳ᠋ᠦ᠍ ᠨᠢ 
 ᠥᠨᠥᠴᠢᠨ ᠵᠢᠷᠦᠬᠡ ᠰᠢᠭ ᠡᠷᠬᠡᠯᠡᠭᠰᠡᠨ 
 ᠦᠭᠡᠨ ᠦ᠌ ᠴᠡᠴᠡᠨ ᠲᠣᠷᠭᠠᠨ ᠬᠡᠯᠡ ᠪᠡᠨ 
 ᠡᠵᠢ ᠡᠴᠡ ᠪᠡᠨ ᠪᠢ ᠰᠤᠷᠤᠭᠰᠠᠨ 
 ᠦᠨᠡᠨᠴᠢᠬᠡᠨ ᠬᠠᠢᠷ᠎ᠠ ᠶ᠋ᠢᠨ ᠨᠠᠷᠠᠨ ᠥᠯᠥᠭᠡᠢ ᠳ᠋ᠦ᠍ ᠨᠢ 
 ᠡᠩᠬᠦᠷᠡᠢ ᠬᠣᠩᠭᠣᠷᠬᠠᠨ ᠥᠰᠦᠭᠰᠡᠨ 
 ᠦᠯᠢᠭᠡᠷ ᠲᠡᠦᠬᠡ ᠶ᠋ᠢᠨ ᠭᠡᠭᠡᠨ ᠤᠬᠠᠭᠠᠨ ᠢ᠋ 
 ᠡᠵᠢ ᠡᠴᠡ ᠪᠡᠨ ᠪᠢ ᠥᠪᠯᠡᠭᠰᠡᠨ
 ᠭᠠᠭᠴᠠᠬᠠᠨ ᠵᠠᠶᠠᠭᠠᠭᠰᠠᠨ ᠡᠵᠢ ᠶ᠋ᠢ ᠪᠡᠨ
 ᠭᠠᠵᠠᠷ ᠤ᠋ᠨ ᠬᠣᠯᠠ ᠠ᠋ᠴᠠ ᠳᠤᠷᠠᠰᠤᠨ ᠰᠠᠨᠠᠬᠤ ᠶᠤᠮ
 ᠬᠠᠢᠷᠠᠲᠠᠢ ᠪᠤᠭᠤᠷᠤᠯ ᠡᠵᠢ ᠶ᠋ᠢ ᠪᠡᠨ
 ᠬᠠᠨ ᠳᠡᠯᠡᠬᠡᠢ ᠳ᠋ᠦ᠍ ᠳᠠᠭᠤᠯᠠᠵᠤ  ᠶᠠᠪᠤᠬᠤ ᠶᠤᠮ

 ᠥᠮᠴᠢᠬᠡᠨ ᠵᠢᠷᠭᠠᠯ ᠤ᠋ᠨ ᠬᠡᠰᠢᠭ ᠬᠤᠷᠤᠢ ᠳ᠋ᠤ᠌ ᠨᠢ
 ᠡᠷ᠎ᠡ ᠶ᠋ᠢᠨ ᠴᠡᠭᠡᠯ ᠳ᠋ᠦ᠍ ᠬᠦᠷᠦᠭᠰᠡᠨ
 ᠦᠯᠡᠮᠵᠢᠬᠡᠨ ᠪᠤᠶᠠᠨ ᠤ᠋ ᠦᠢᠯᠡᠰ ᠦ᠋ᠨ ᠳᠥᠷᠥᠭᠡ ᠶ᠋ᠢ
 ᠡᠵᠢ ᠡᠴᠡ ᠪᠡᠨ ᠪᠢ ᠲᠤᠰᠤᠭᠰᠠᠨ
 ᠭᠠᠭᠴᠠᠬᠠᠨ ᠵᠠᠶᠠᠭᠠᠭᠰᠠᠨ ᠡᠵᠢ ᠶ᠋ᠢ ᠪᠡᠨ
 ᠭᠠᠵᠠᠷ ᠤ᠋ᠨ ᠬᠣᠯᠠ ᠠ᠋ᠴᠠ ᠳᠤᠷᠠᠰᠤᠨ ᠰᠠᠨᠠᠬᠤ ᠶᠤᠮ
 ᠬᠠᠢᠷᠠᠲᠠᠢ ᠪᠤᠭᠤᠷᠤᠯ ᠡᠵᠢ ᠶ᠋ᠢ ᠪᠡᠨ
 ᠬᠠᠨ ᠳᠡᠯᠡᠬᠡᠢ ᠳ᠋ᠦ᠍ ᠳᠠᠭᠤᠯᠠᠵᠤ  ᠶᠠᠪᠤᠬᠤ ᠶᠤᠮ
 ᠭᠠᠭᠴᠠᠬᠠᠨ ᠵᠠᠶᠠᠭᠠᠭᠰᠠᠨ ᠡᠵᠢ ᠶ᠋ᠢ ᠪᠡᠨ
 ᠭᠠᠵᠠᠷ ᠤ᠋ᠨ ᠬᠣᠯᠠ ᠠ᠋ᠴᠠ ᠳᠤᠷᠠᠰᠤᠨ ᠰᠠᠨᠠᠬᠤ ᠶᠤᠮ
 ᠬᠠᠢᠷᠠᠲᠠᠢ ᠪᠤᠭᠤᠷᠤᠯ ᠡᠵᠢ ᠶ᠋ᠢ ᠪᠡᠨ
 ᠬᠠᠨ ᠳᠡᠯᠡᠬᠡᠢ ᠳ᠋ᠦ᠍ ᠳᠠᠭᠤᠯᠠᠵᠤ ᠶᠠᠪᠤᠬᠤ ᠶᠤᠮ
 ᠬᠠᠨ ᠳᠡᠯᠡᠬᠡᠢ ᠳ᠋ᠦ᠍ ᠳᠠᠭᠤᠯᠠᠵᠤ ᠶᠠᠪᠤᠬᠤ ᠶᠤᠮ

          ᠦᠰᠦᠭ ᠠᠮᠢᠯᠠᠭᠤᠯᠤᠭᠴᠢ᠄ ᠲᠤᠭᠴᠢ ᠯᠤᠪᠰᠠᠩ
          ᠦᠰᠦᠭ ᠬᠠᠳᠠᠭᠴᠢ᠄ ᠪᠠᠢ ᠰᠠᠷᠠᠨ᠎ᠠ
          ᠬᠢᠨᠠᠭᠴᠢ ᠪᠠᠭᠰᠢ᠄ ᠲᠤᠭᠴᠢ ᠯᠤᠪᠰᠠᠩ