ᠡᠭᠦᠷᠢᠳᠡ ᠬᠠᠮᠲᠤ ᠪᠠᠢᠭᠠᠴᠢ ᠡᠵᠢ ᠠ᠋ -ᠨᠣᠮᠢᠨ ᠲᠠᠯᠠᠰᠲᠤ ᠬᠠᠮᠲᠤᠯᠢᠭ Үүрд хамт байгаач ээж ээ-Номин талст хамтлаг
ᠡᠭᠦᠷᠢᠳᠡ ᠬᠠᠮᠲᠤ ᠪᠠᠢᠭᠠᠴᠢ ᠡᠵᠢ ᠠ᠋
ᠦᠭᠡ᠄ ᠳ · ᠱᠠᠭᠳᠡᠷᠰᠦ᠋ᠷᠦᠩ
ᠠᠶ᠎ᠠ᠄ ᠪᠡ᠊· ᠳᠣᠷᠵᠢᠴᠡᠷᠡᠨ
ᠳᠠᠭᠤᠴᠢᠨ᠄ ᠨᠣᠮᠢᠨ ᠲᠠᠯᠠᠰᠲᠤ ᠬᠠᠮᠲᠤᠯᠢᠭ
《 ᠡᠵᠢ ᠳ᠋ᠡᠭᠡᠨ》 ᠴᠣᠮᠣᠭ
ᠬᠡᠷᠪᠡ ᠬᠥᠮᠦᠰ ᠴᠡᠴᠡᠭᠬᠡᠨ ᠭᠡᠪᠡᠯ
ᠬᠡᠭᠡᠷ᠎ᠡ ᠲᠠᠯ᠎ᠠ ᠶ᠋ᠢᠨ ᠬᠡᠨᠵᠨᠬᠡᠨ ᠰᠠᠷᠠᠨᠠᠢ ᠪᠢ
ᠠᠷᠪᠢᠨ ᠳᠡᠯᠡᠬᠡᠢ ᠰᠢᠭ ᠠᠴᠢᠯᠠᠯᠲᠤ ᠡᠵᠢ ᠲᠠᠨ ᠤ᠋ ᠪᠠᠨ
ᠠᠯᠠᠭᠠᠨ ᠤ᠋ ᠳᠣᠯᠢᠶᠠᠨ ᠳᠡᠭᠡᠷ᠎ᠡ ᠤᠷᠭᠤᠭᠰᠠᠨ ᠪᠠᠢᠵᠤ ᠲᠠᠭᠠᠷᠠᠨ᠎ᠠ
ᠠᠷᠪᠢᠨ ᠳᠡᠯᠡᠬᠡᠢ ᠰᠢᠭ ᠠᠴᠢᠯᠠᠯᠲᠤ ᠡᠵᠢ ᠲᠠᠨ ᠤ᠋ ᠪᠠᠨ
ᠠᠯᠠᠭᠠᠨ ᠤ᠋ ᠳᠣᠯᠢᠶᠠᠨ ᠳᠡᠭᠡᠷ᠎ᠡ ᠤᠷᠭᠤᠭᠰᠠᠨ ᠪᠠᠢᠵᠤ ᠲᠠᠭᠠᠷᠠᠨ᠎ᠠ
ᠥᠩᠭᠡ ᠶ᠋ᠢᠨ ᠴᠡᠴᠡᠭ ᠢ᠋ ᠲᠠᠩᠰᠤᠭᠬᠠᠨ ᠭᠡᠪᠡᠯ
ᠥᠷᠭᠡᠨ ᠳᠡᠯᠡᠬᠡᠢ ᠶ᠋ᠢ ᠮᠠᠷᠲᠠᠬᠤ ᠶ᠋ᠢᠨ ᠠᠷᠭ᠎ᠠ ᠦᠭᠡᠢ
ᠥᠪᠡᠷ ᠦ᠋ᠨ ᠳᠦᠷᠢ ᠶ᠋ᠢ ᠨᠠᠷᠠ ᠰᠢᠭ᠋ ᠭᠡᠪᠡᠯ ᠡᠵᠢ ᠠ᠋
ᠦᠯᠡᠮᠵᠢ ᠶ᠋ᠢᠨ ᠭᠡᠷᠡᠯ ᠲᠠᠨ ᠤ᠋ ᠬᠢ ᠪᠠᠢᠵᠤ ᠲᠠᠭᠠᠷᠠᠨ᠎ᠠ
ᠥᠪᠡᠷ ᠦ᠋ᠨ ᠳᠦᠷᠢ ᠶ᠋ᠢ ᠨᠠᠷᠠ ᠰᠢᠭ ᠭᠡᠪᠡᠯ ᠡᠵᠢ ᠠ᠋
ᠦᠯᠡᠮᠵᠢ ᠶ᠋ᠢᠨ ᠭᠡᠷᠡᠯ ᠲᠠᠨ ᠤ᠋ ᠬᠢ ᠪᠠᠢᠵᠤ ᠲᠠᠭᠠᠷᠠᠨ᠎ᠠ
ᠳᠡᠭᠡᠳᠦ ᠶ᠋ᠢᠨ ᠵᠢᠷᠭᠠᠯ ᠢ᠋ ᠲᠠᠨ ᠳ᠋ᠠᠭᠠᠨ ᠠᠮᠠᠯᠠᠭᠠ ᠦᠭᠡᠢ ᠴᠦ᠍
ᠳᠡᠯᠭᠡᠷ ᠵᠤᠨ ᠰᠢᠭ᠋ ᠨᠠᠰᠤ ᠪᠠᠷ ᠢ᠋ᠶ᠋ᠠᠨ ᠢᠪᠡᠭᠡᠶᠡ
ᠲᠩᠷᠢ ᠰᠢᠭ ᠠᠴᠢᠯᠠᠯ ᠲᠠᠨ ᠤ᠋ ᠬᠢ ᠰᠢᠦ ᠡᠵᠢ ᠠ᠋
ᠳᠡᠯᠡᠬᠡᠢ ᠰᠢᠭ ᠬᠦᠨᠳᠦᠯᠡᠯ ᠮᠢᠨᠦᠬᠢ ᠰᠢᠦ ᠡᠵᠢ ᠠ᠋
ᠲᠩᠷᠢ ᠰᠢᠭ ᠠᠴᠢᠯᠠᠯ ᠲᠠᠨ ᠤ᠋ ᠬᠢ ᠰᠢᠦ ᠡᠵᠢ ᠠ᠋
ᠳᠡᠯᠡᠬᠡᠢ ᠰᠢᠭ ᠬᠦᠨᠳᠦᠯᠡᠯ ᠮᠢᠨᠦᠬᠢ ᠰᠢᠦ ᠡᠵᠢ ᠠ᠋
ᠤᠴᠠᠷᠠᠬᠤ ᠵᠡᠭᠦᠳᠦᠨ ᠦ᠌ ᠰᠠᠢᠬᠠᠨ ᠳᠠᠭᠢᠨᠢ
ᠦᠵᠡᠬᠦ ᠨᠢᠳᠦᠨ ᠦ᠌ ᠡᠳᠦᠷ ᠦ᠋ᠨ ᠰᠣᠯᠣᠩᠭ᠎ᠠ
ᠦᠷ᠎ᠡ ᠴᠢᠨᠢ ᠲᠠᠨ ᠢ᠋ ᠪᠡᠨ ᠬᠠᠢᠷᠠᠯᠠᠶ᠎ᠠ ᠡᠵᠢ ᠠ᠋
ᠦᠨᠳᠦᠰᠦ ᠮᠥᠴᠢᠷ ᠰᠢᠭ ᠡᠭᠦᠷᠢᠳᠡ ᠬᠠᠮᠲᠤ ᠪᠠᠢᠭᠠᠴᠢ ᠡᠵᠢ ᠠ᠋
ᠦᠷ᠎ᠡ ᠴᠢᠨᠢ ᠲᠠᠨ ᠢ᠋ ᠪᠡᠨ ᠬᠠᠢᠷᠠᠯᠠᠶ᠎ᠠ ᠡᠵᠢ ᠠ᠋
ᠦᠨᠳᠦᠰᠦ ᠮᠥᠴᠢᠷ ᠰᠢᠭ ᠡᠭᠦᠷᠢᠳᠡ ᠬᠠᠮᠲᠤ ᠪᠠᠢᠭᠠᠴᠢ ᠡᠵᠢ ᠠ᠋
ᠦᠰᠦᠭ ᠬᠠᠳᠠᠭᠴᠢ᠂ ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
