ᠤᠶᠠᠷᠠᠯ ᠬᠠᠢᠷ᠎ᠠ ᠶ᠋ᠢᠨ ᠬᠣᠷᠸ᠎ᠠUyral khariin khorvoo- B.Ulzii-Уярал хайрын хорвоо-Б.Өлзий ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠶᠠᠷᠠᠯ ᠬᠠᠢᠷ᠎ᠠ ᠶ᠋ᠢᠨ ᠬᠣᠷᠸ᠎ᠠUyral khariin khorvoo- B.Ulzii-Уярал хайрын хорвоо-Б.Өлзий

ᠤᠶᠠᠷᠠᠯ ᠬᠠᠢᠷ᠎ᠠ ᠶ᠋ᠢᠨ ᠬᠣᠷᠸ᠎ᠠUyral khariin khorvoo- B.Ulzii-Уярал хайрын хорвоо-Б.Өлзий

ᠠᠩᠭᠢᠯᠠᠯ:ᠳᠠᠭᠤᠤ ᠬᠥᠭᠵᠢᠮ
2026-01-31

1585

ᠤᠶᠠᠷᠠᠯ ᠬᠠᠢᠷ᠎ᠠ ᠶ᠋ᠢᠨ ᠬᠣᠷᠸ᠎ᠠ


         ᠦᠭᠡ᠄ ᠨ᠂ ᠪᠠᠶᠠᠨᠮᠥ᠋ᠩᠬᠡ 
         ᠠᠶ᠎ᠠ᠄ ᠮ᠂ ᠠᠷᠢᠭᠤᠨᠲᠤᠯᠭ᠎ᠠ 
         ᠳᠠᠭᠤᠴᠢᠨ᠄ ᠪ᠊᠂ ᠥᠯᠵᠡᠢ 

ᠶᠠᠪᠤᠭᠤᠯ ᠰᠠᠷᠠᠨ ᠤ᠋ ᠲᠠᠤᠯᠠᠢ ᠬᠣᠷᠸ᠎ᠠ ᠶ᠋ᠢ ᠳᠤᠯᠢᠳᠠᠨ ᠮᠥᠩᠬᠡᠷᠡᠬᠦ  ᠳ᠋ᠦ᠍ 
ᠢᠨᠵᠠᠭ᠎ᠠ ᠪᠠᠨ ᠳᠠᠭᠠᠭᠤᠯᠤᠭᠰᠠᠨ ᠭᠥᠷᠥᠭᠡᠰᠦ ᠨᠢ ᠡᠵᠢ ᠮᠢᠨᠢ ᠶᠤᠮ ᠰᠢᠭ᠌ ᠰᠠᠨᠠᠭᠳᠠᠯ᠎ᠠ 
ᠴᠢᠮᠡᠭᠡ ᠠᠨᠢᠷᠲᠤᠨ ᠨᠠᠯᠠᠢᠭᠰᠠᠨ ᠠᠮᠤᠭᠤᠯᠠᠩ ᠲᠠᠯ᠎ᠠ ᠳ᠋ᠠᠭᠠᠨ ᠡᠵᠢ ᠮᠢᠨᠢ 
ᠴᠢᠮᠡᠭᠯᠡᠩᠬᠡᠨ ᠤᠷᠭᠤᠭᠰᠠᠨ ᠰᠠᠮᠪᠠᠷᠤᠥ ᠶᠤᠮ ᠰᠢᠭ᠌ ᠪᠣᠳᠣᠭᠳᠠᠯ᠎ᠠ 

ᠡᠵᠢ ᠶ᠋ᠢ ᠪᠡᠨ ᠬᠠᠢᠷᠠᠯᠠᠬᠤ ᠰᠡᠳᠬᠢᠯ ᠮᠢᠨᠢ ᠤᠶᠠᠷᠠᠯ ᠬᠠᠢᠷ᠎ᠠ ᠶ᠋ᠢᠨ ᠡᠭᠡᠰᠢᠭ ᠲᠡᠢ 
ᠢᠷᠡᠵᠦ ᠯᠠ ᠪᠤᠴᠠᠬᠤ ᠶ᠋ᠢᠨ ᠣᠷᠴᠢᠯᠠᠩ ᠤᠴᠠᠷᠠᠯ ᠵᠠᠶᠠᠭᠠᠨ ᠤ᠋ ᠢᠷᠦᠭᠡᠯ ᠲᠡᠢ 

ᠵᠥᠭᠡᠯᠡᠨ ᠰᠢᠷᠭᠠᠯ ᠨᠠᠷᠠᠨ ᠨᠠᠭᠤᠷ ᠲᠤ᠌ ᠬᠣᠲᠠᠯᠠᠵᠤ ᠥᠨᠵᠢᠬᠦ ᠳ᠋ᠦ᠍
ᠵᠦᠩ ᠦ᠋ᠨ ᠲᠣᠷᠭᠠᠨ ᠮᠠᠨᠳᠤᠯ ᠨᠢ ᠡᠵᠢ ᠮᠢᠨᠢ ᠶᠤᠮ ᠰᠢᠭ᠌ ᠰᠠᠨᠠᠭᠳᠠᠯ᠎ᠠ
ᠡᠯᠡᠰᠦᠨ ᠦ᠌ ᠨᠡᠭᠦᠳᠡᠯ ᠠᠯᠳᠠᠷᠠᠭᠰᠠᠨ ᠡᠭᠡᠷᠡᠮ᠎ᠡ ᠲᠠᠯ᠎ᠠ ᠳ᠋ᠠᠭᠠᠨ ᠡᠵᠢ ᠮᠢᠨᠢ
ᠡᠭᠡᠰᠢᠭᠯᠡᠩᠭᠡᠨ ᠳᠠᠪᠠᠯᠭᠠᠯᠠᠭᠰᠠᠨ ᠪᠦᠷᠢᠳᠦ ᠨᠢ ᠶᠤᠮ ᠰᠢᠭ᠌ ᠪᠣᠳᠣᠭᠳᠠᠯ᠎ᠠ
       ( ᠳᠠᠬᠢᠯᠲᠠ)

ᠳᠣᠯᠣᠭᠠᠨ ᠨᠠᠮᠤᠷ ᠤ᠋ᠨ ᠬᠥᠨᠳᠡᠢ ᠳ᠋ᠦ᠍ ᠴᠠᠩ ᠲᠣᠭᠣᠷᠤᠤ ᠪᠥᠵᠢᠬᠦ ᠳ᠋ᠦ᠍
ᠳᠣᠷᠣᠨ᠎ᠠ ᠵᠦᠭ ᠦ᠋ᠨ ᠰᠠᠯᠬᠢ ᠨᠢ ᠡᠵᠢ ᠮᠢᠨᠢ ᠶᠤᠮ ᠰᠢᠭ᠌ ᠰᠠᠨᠠᠭᠳᠠᠯ᠎ᠠ
ᠳᠤᠷ᠎ᠠ ᠪᠠᠷ ᠢ᠋ᠶ᠋ᠠᠨ ᠠᠯᠳᠠᠷᠠᠨ ᠴᠡᠯᠡᠢᠭᠰᠡᠨ ᠲᠡᠨᠢᠭᠡᠷ ᠲᠠᠯ᠎ᠠ ᠳ᠋ᠠᠭᠠᠨ ᠡᠵᠢ ᠮᠢᠨᠢ
ᠳᠠᠭᠤᠯᠠᠩᠬᠠᠨ ᠦᠶᠡᠯᠵᠡᠭᠰᠡᠨ ᠪᠦᠪᠡᠢ ᠶᠤᠮ ᠰᠢᠭ᠌ ᠪᠣᠳᠣᠭᠳᠠᠯ᠎ᠠ
        ( ᠳᠠᠬᠢᠯᠲᠠ)   ( ᠳᠠᠬᠢᠯᠲᠠ)

       ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ