ᠬᠠᠷᠠᠴᠠᠨ ᠤ᠋ ᠴᠢᠨᠢ ᠬᠠᠢᠯᠠᠩ ᠳ᠋ᠤ᠌ ᠠᠪᠲᠠᠭ᠎ᠠ ᠤᠤ ᠳᠠ ᠬᠣᠩᠭᠣᠷ ᠮᠢᠨᠢ Харцны чинь хайланд чиг автаа юу даа хонгор минь А.Мөнхбат Д.Бурмаа
ᠬᠠᠷᠠᠴᠠᠨ ᠤ᠋ ᠴᠢᠨᠢ ᠬᠠᠢᠯᠠᠩ ᠳ᠋ᠤ᠌ ᠠᠪᠲᠠᠭ᠎ᠠ ᠤᠤ ᠳᠠ ᠬᠣᠩᠭᠣᠷ ᠮᠢᠨᠢ
ᠦᠭᠡ᠄ ᠴ· ᠳᠠᠭᠪᠠᠳᠣᠷᠵᠢ
ᠠᠶ᠎ᠠ᠄ ᠷᠠ᠊· ᠣᠶᠤᠨᠪᠠᠲᠤ
ᠳᠠᠭᠤᠴᠢᠨ᠄ ᠠ᠊· ᠮᠥᠩᠬᠡᠪᠠᠲᠤ ᠳ· ᠪᠤᠷᠮ᠎ᠠ
ᠬᠠᠷᠠᠴᠠᠨ ᠤ᠋ ᠴᠢᠨᠢ ᠬᠠᠢᠯᠠᠩ ᠳ᠋ᠤ᠌ ᠠᠪᠲᠠᠯ᠎ᠠ ᠰᠢᠦ ᠳᠡ
ᠬᠣᠩᠭᠣᠷ ᠮᠢᠨᠢ ᠠ᠋ ᠬᠦ ᠂ ᠠᠢ ᠬᠦ
ᠬᠠᠯᠭᠠᠵᠤ ᠲᠡᠭᠡᠨᠡᠭᠡᠯᠵᠡᠬᠦ ᠴᠦ᠍ ᠰᠢᠯᠢ ᠳᠡᠭᠡᠷ᠎ᠡ
ᠥᠩᠭᠡᠷᠡᠭᠰᠡᠨ ᠰᠢᠦ᠂ ᠡᠩᠬᠦᠷᠡᠢ ᠮᠢᠨᠢ ᠠ᠋ ᠬᠦ
ᠬᠠᠮᠢᠭ᠎ᠠ ᠬᠡᠵᠢᠶᠡᠨ ᠦ᠌ ᠦᠢᠯᠡ ᠶᠦᠮ ᠪᠣᠯ
ᠬᠣᠩᠭᠣᠷ ᠮᠢᠨᠢ ᠠ᠋ ᠬᠦ
ᠬᠠᠷᠢᠭᠠᠳ ᠪᠣᠳᠣᠬᠤ ᠪᠠᠷ ᠯᠠ ᠪᠤᠴᠠᠭᠠᠳ ᠯᠠ
ᠭᠦᠶᠦᠮᠡᠷ ᠠ᠋᠂ ᠡᠩᠬᠦᠷᠡᠢ ᠮᠢᠨᠢ ᠠ᠋ ᠬᠦ
ᠤᠬᠢᠯᠠᠵᠤ ᠴᠦ᠍ ᠪᠣᠳᠣᠯ᠎ᠠ᠂ ᠤᠶᠠᠷᠠᠵᠤ ᠴᠦ᠍ ᠪᠣᠳᠣᠯ᠎ᠠ
ᠬᠣᠩᠭᠣᠷ ᠮᠢᠨᠢ ᠠ᠋ ᠬᠦ᠂ ᠠᠢ ᠬᠦ
ᠤᠶᠠᠩᠭ᠎ᠠ ᠲᠠᠢ ᠠᠶᠠᠯᠭᠤ ᠨᠢ ᠤᠷᠤᠭᠤ ᠲᠠᠲᠠᠭᠠᠳ
ᠭᠣᠷᠢ ᠦᠭᠡᠢ ᠨᠢ ᠠ᠋ ᠬᠦ
ᠤᠴᠠᠷᠠᠵᠤ ᠴᠢᠭ ᠪᠣᠯᠳᠠᠭ᠂ ᠰᠠᠯᠵᠤ ᠴᠢᠭ ᠪᠣᠯᠳᠠᠭ
ᠬᠣᠷᠸ᠎ᠠ ᠮᠢᠨᠢ ᠠ᠋ ᠬᠦ
ᠤᠶᠠᠭ᠎ᠠ ᠲᠠᠢ ᠪᠣᠲᠣᠭᠣ ᠰᠢᠭ᠋ ᠲᠡᠯᠡᠭᠦᠯᠦᠨᠡ ᠭᠡᠳᠡᠭ ᠴᠢᠨᠢ
ᠶᠠᠭᠤᠨ ᠤ᠋ ᠬᠢ ᠪᠢᠯᠡ ᠳᠠ
ᠡᠩᠬᠦᠷᠡᠢ ᠮᠢᠨᠢ ᠠ᠋ ᠬᠦ
ᠴᠢᠷᠠᠢ ᠶ᠋ᠢᠨ ᠴᠢᠨᠢ ᠰᠠᠢᠬᠠᠨ ᠳ᠋ᠤ᠌ ᠠᠪᠲᠠᠯ᠎ᠠ ᠰᠢᠦ ᠳᠡ
ᠬᠣᠩᠭᠣᠷ ᠮᠢᠨᠢ ᠠ᠋ ᠬᠦ᠂ ᠠᠢ ᠬᠦ
ᠴᠠᠷᠬᠢ ᠲᠠᠢᠯᠤᠨ ᠲᠠᠲᠠᠬᠤ ᠪᠠᠨ ᠴᠦ᠍ ᠥᠩᠭᠡᠷᠡᠯ᠎ᠡ ᠰᠢᠦ
ᠡᠩᠬᠦᠷᠡᠢ ᠮᠢᠨᠢ ᠠ᠋ ᠬᠦ
ᠴᠠᠢ ᠶ᠋ᠢ ᠴᠢᠨᠢ ᠤᠤᠭᠤᠬᠤ ᠪᠠᠷ ᠪᠤᠴᠠᠮᠠᠷ ᠦᠭᠡᠢ ᠶᠠ
ᠬᠣᠩᠭᠣᠷ ᠮᠢᠨᠢ ᠠ᠋ ᠬᠦ
ᠴᠠᠢᠯᠭᠠᠨ ᠰᠡᠳᠬᠢᠯ ᠢ᠋ ᠴᠢᠨᠢ ᠰᠠᠨᠠᠬᠤᠯᠠᠷ ᠯᠠ
ᠤᠬᠢᠯᠠᠮᠠᠷ ᠠ᠋᠂ ᠡᠩᠬᠦᠷᠡᠢ ᠮᠢᠨᠢ ᠠ᠋ ᠬᠦ
ᠡᠷ᠎ᠡ ᠶ᠋ᠢᠨ ᠰᠠᠢᠬᠠᠨ ᠳ᠋ᠤ᠌ ᠴᠢᠭ ᠡᠷᠪᠡᠯᠵᠡᠯᠡ ᠰᠢᠦ
ᠬᠥᠭᠡᠷᠦᠬᠦᠢ ᠮᠢᠨᠢ ᠠ᠋ ᠬᠦ᠂ ᠠᠢ ᠬᠦ
ᠢᠨᠢᠶᠡᠭᠡᠳ ᠵᠥᠷᠢᠬᠦ ᠳ᠋ᠦ᠍ ᠲᠠᠨᠢ ᠳᠠᠭᠠᠭᠰᠠᠨ ᠰᠢᠦ
ᠡᠪᠡᠢ ᠮᠢᠨᠢ ᠠ᠋ ᠬᠦ
ᠡᠭᠡᠮ ᠢ᠋ ᠲᠠᠨᠢ ᠨᠠᠯᠠᠭᠠᠳ ᠯᠠ ᠤᠬᠢᠯᠠᠭᠰᠠᠨ ᠰᠢᠦ
ᠬᠥᠭᠡᠷᠦᠬᠦᠢ ᠮᠢᠨᠢ ᠠ᠋ ᠬᠦ
ᠡᠭᠡᠨᠢᠭ ᠰᠡᠳᠬᠢᠯ ᠳ᠋ᠦ᠍ ᠲᠠᠨᠢ ᠳᠠᠰᠤᠭᠠᠳ ᠯᠠ
ᠳᠠᠭᠤᠯᠠᠭᠰᠠᠨ ᠰᠢᠦ᠂ ᠡᠪᠡᠢ ᠮᠢᠨᠢ ᠠ᠋ ᠬᠦ
ᠲᠥᠷᠥᠭᠰᠡᠨ ᠦ᠌ ᠡᠴᠦᠰ ᠲᠦ᠍ ᠰᠠᠯᠳᠠᠭ ᠵᠢᠮ᠎ᠡ ᠶ᠋ᠢ
ᠤᠬᠠᠭᠠᠷᠠᠭᠰᠠᠨ ᠮᠥᠷᠲᠡᠯ᠎ᠡ᠂ ᠠᠢ ᠬᠦ
ᠲᠥᠭᠡᠷᠢᠬᠦ ᠦᠭᠡᠢ ᠶᠤᠮ ᠰᠢᠭ᠋ ᠳᠠᠭᠠᠳᠠᠭ ᠨᠢ
ᠮᠥᠨ ᠴᠢᠭ᠂ ᠮᠥᠨ ᠴᠢᠭ ᠭᠡᠨ᠎ᠡ ᠳᠡ
ᠲᠥᠷᠥᠯ ᠳᠣᠳᠣᠮ ᠳ᠋ᠤ᠌ ᠪᠠᠨ ᠤᠴᠠᠷᠠᠭ᠎ᠠ ᠴᠦ᠍ ᠤᠤ
ᠦᠭᠡᠢ ᠴᠦ᠍ ᠤᠤ ᠬᠣᠷᠸ᠎ᠠ ᠳ᠋ᠤ᠌ ᠪᠠᠨ
ᠲᠥᠭᠡᠯᠡᠵᠦ ᠳᠠᠭᠤᠰᠬᠤ ᠡᠨᠡᠬᠡᠨ ᠨᠠᠰᠤ ᠪᠠᠨ
ᠴᠢᠮ᠎ᠠ ᠳ᠋ᠤ᠌ ᠪᠠᠨ ᠵᠣᠷᠢᠭᠤᠯᠤᠶ᠎ᠠ᠂ ᠡᠩᠬᠦᠷᠡᠢ ᠮᠢᠨᠢ ᠠ᠋ ᠬᠦ
ᠲᠥᠷᠥᠯ ᠳᠣᠳᠣᠮ ᠳ᠋ᠤ᠌ ᠪᠠᠨ ᠤᠴᠠᠷᠠᠭ᠎ᠠ ᠴᠤ᠌ ᠤᠤ
ᠦᠭᠡᠢ ᠴᠦ᠍ ᠤᠤ ᠬᠣᠷᠸ᠎ᠠ ᠳ᠋ᠤ᠌ ᠪᠠᠨ
ᠲᠥᠭᠡᠯᠡᠵᠦ ᠳᠠᠭᠤᠰᠬᠤ ᠡᠨᠡᠬᠡᠨ ᠨᠠᠰᠤ ᠪᠠᠨ
ᠴᠢᠮ᠎ᠠ ᠳ᠋ᠤ᠌ ᠪᠠᠨ ᠵᠣᠷᠢᠭᠤᠯᠤᠶ᠎ᠠ
ᠴᠢᠮ᠎ᠠ ᠳ᠋ᠤ᠌ ᠪᠠᠨ ᠵᠣᠷᠢᠭᠤᠯᠤᠶ᠎ᠠ
ᠡᠩᠬᠦᠷᠡᠢ ᠮᠢᠨᠢ ᠠ᠋ ᠬᠦ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
