ᠡᠵᠢ ᠶ᠋ᠢᠨ ᠨᠠᠰᠤᠨ ᠪᠠᠶᠠᠷ ᠤ᠋ᠨ ᠳᠠᠭᠤᠤ -ᠰᠦᠶ᠎ᠡЭэжийн насан баярын дуу-Сүеэ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢᠨ ᠨᠠᠰᠤᠨ ᠪᠠᠶᠠᠷ ᠤ᠋ᠨ ᠳᠠᠭᠤᠤ -ᠰᠦᠶ᠎ᠡЭэжийн насан баярын дуу-Сүеэ

ᠡᠵᠢ ᠶ᠋ᠢᠨ ᠨᠠᠰᠤᠨ ᠪᠠᠶᠠᠷ ᠤ᠋ᠨ ᠳᠠᠭᠤᠤ -ᠰᠦᠶ᠎ᠡЭэжийн насан баярын дуу-Сүеэ

ᠠᠩᠭᠢᠯᠠᠯ:ᠳᠠᠭᠤᠤ ᠬᠥᠭᠵᠢᠮ
2026-01-28

398

ᠡᠵᠢ ᠶ᠋ᠢᠨ ᠨᠠᠰᠤᠨ ᠪᠠᠶᠠᠷ ᠤ᠋ᠨ ᠳᠠᠭᠤᠤ


  ᠦᠭᠡ᠄ ᠨᠠ‍᠂ᠮᠠᠮᠠ (ᠨᠣ᠂ ᠨᠠᠷᠠᠨᠲᠣᠭᠲᠠᠬᠤ) 
  ᠠᠶ᠎ᠠ᠄ ᠰᠦᠶ᠎ᠡ 
  ᠳᠠᠭᠤᠴᠢᠨ᠄ ᠰᠦᠶ᠎ᠡ 

ᠮᠣᠳᠣᠨ ᠥᠯᠥᠭᠡᠢ ᠳ᠋ᠦ᠍ ᠪᠡᠨ ᠤᠬᠢᠯᠠᠨ ᠰᠡᠷᠢᠬᠦ ᠳ᠋ᠦ᠍ 
ᠮᠣᠷᠢ ᠶ᠋ᠢ ᠤᠶᠠᠷᠠᠲᠠᠯ᠎ᠠ ᠵᠥᠭᠡᠯᠡᠨ ᠪᠦᠪᠡᠢᠯᠡᠭᠰᠡᠨ 
ᠮᠤᠷᠤᠢ ᠲᠠᠢ ᠠᠰᠬᠠᠨ ᠲᠠᠢ ᠬᠡᠦᠬᠡᠳ ᠨᠠᠰᠤ ᠶ᠋ᠢ ᠮᠢᠨᠢ 
ᠮᠣᠩᠭᠣᠯ ᠬᠡᠯᠡ ᠪᠡᠷ ᠠᠷᠭᠠᠳᠠᠵᠤ ᠥᠰᠬᠡᠭᠰᠡᠨ ᠶᠦᠮ ᠠ᠋ 
ᠨᠠᠰᠤᠲᠠᠨ ᠪᠤᠭᠤᠷᠤᠯ ᠡᠵᠢ ᠲᠠᠨ ᠤ᠋ ᠪᠠᠨ 
ᠨᠠᠰᠤᠨ ᠪᠠᠶᠠᠷ ᠢ᠋ ᠴᠢᠨᠢ ᠪᠡᠯᠭᠡᠯᠡᠶ᠎ᠡ 

ᠪᠣᠭᠴᠣ ᠪᠠᠨ ᠡᠭᠦᠷᠦᠭᠡᠳ ᠠᠯᠤᠰ ᠲᠤ᠌ ᠶᠠᠪᠤᠬᠤ ᠳ᠋ᠤ᠌ 
ᠪᠣᠷᠪᠢ ᠪᠠᠨ ᠴᠢᠯᠡᠲᠡᠯ᠎ᠡ ᠪᠠᠷᠠᠯᠠᠵᠤ ᠬᠣᠴᠣᠷᠤᠭᠰᠠᠨ
ᠭᠡᠨᠡᠨ ᠲᠡᠢ ᠣᠮᠣᠭ ᠲᠠᠢ ᠵᠠᠯᠠᠭᠤ ᠨᠠᠰᠤ ᠶ᠋ᠢ ᠮᠢᠨᠢ
ᠭᠡᠭᠡᠨ ᠰᠡᠳᠬᠢᠯ ᠢ᠋ᠶ᠋ᠡᠷ ᠢ᠋ᠶ᠋ᠡᠨ ᠭᠡᠢᠭᠦᠯᠵᠦ ᠶᠠᠪᠤᠭᠰᠠᠨ ᠶᠤᠮ ᠠ᠋
ᠨᠠᠰᠤᠲᠠᠨ ᠪᠤᠭᠤᠷᠤᠯ ᠡᠵᠢ ᠲᠠᠨ ᠤ᠋ ᠪᠠᠨ
ᠨᠠᠰᠤᠨ ᠪᠠᠶᠠᠷ ᠢ᠋ ᠴᠢᠨᠢ ᠪᠡᠯᠭᠡᠯᠡᠶ᠎ᠡ

ᠬᠠᠨᠢ ᠪᠠᠨ ᠳᠠᠭᠠᠭᠤᠯᠤᠭᠠᠳ ᠬᠠᠷᠢᠭᠠᠳ ᠣᠴᠢᠬᠤ ᠳ᠋ᠤ᠌
ᠬᠠᠨᠴᠤᠢ ᠪᠠᠨ ᠳᠡᠪᠲᠦᠲᠡᠯ᠎ᠡ ᠪᠠᠶᠠᠷᠯᠠᠵᠤ ᠤᠶᠠᠷᠠᠭᠰᠠᠨ
ᠬᠠᠯᠠᠭᠤᠨ ᠲᠠᠢ ᠬᠦᠢᠲᠡᠨ ᠲᠡᠢ ᠢᠳᠡᠷ ᠨᠠᠰᠤ ᠶ᠋ᠢ ᠮᠢᠨᠢ
ᠬᠠᠢᠯᠭᠠᠨ ᠦᠭᠡ ᠪᠡᠷ ᠢ᠋ᠶ᠋ᠡᠨ ᠪᠦᠯᠢᠶᠡᠰᠬᠡᠵᠦ ᠥᠭᠭᠦᠭᠰᠡᠨ ᠶᠦᠮ ᠠ᠋

ᠨᠠᠰᠤᠲᠠᠨ ᠪᠤᠭᠤᠷᠤᠯ ᠡᠵᠢ ᠲᠠᠨ ᠤ᠋ ᠪᠠᠨ
ᠨᠠᠰᠤᠨ ᠪᠠᠶᠠᠷ ᠢ᠋ ᠴᠢᠨᠢ ᠪᠡᠯᠭᠡᠯᠡᠶ᠎ᠡ
ᠨᠠᠰᠤᠲᠠᠨ ᠪᠤᠭᠤᠷᠤᠯ ᠡᠵᠢ ᠲᠠᠨ ᠤ᠋ ᠪᠠᠨ
ᠨᠠᠰᠤᠨ ᠪᠠᠶᠠᠷ ᠢ᠋ ᠴᠢᠨᠢ ᠪᠡᠯᠭᠡᠯᠡᠶ᠎ᠡ
ᠨᠠᠰᠤᠨ ᠪᠠᠶᠠᠷ ᠢ᠋ ᠴᠢᠨᠢ ᠪᠡᠯᠭᠡᠯᠡᠶ᠎ᠡ
ᠨᠠᠰᠤᠨ ᠪᠠᠶᠠᠷ ᠢ᠋ ᠴᠢᠨᠢ ᠪᠡᠯᠭᠡᠯᠡᠶ᠎ᠡ

  ᠢᠷᠡᠯᠲᠡ᠄ ᠮᠣᠩᠭᠣᠯ ᠳᠠᠭᠤᠤ ᠬᠥᠭᠵᠢᠮ ᠦ᠋ᠨ ᠰᠣᠨᠢᠷᠬᠠᠮᠵᠢ
  ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
  ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ
  ᠬᠢᠨᠠᠭᠴᠢ ᠄ ᠰᠡᠴᠡᠨ