ᠬᠠᠢᠷ᠎ᠠ ᠭᠡᠷᠡᠯᠲᠦᠨ᠎ᠡ-ᠴᠢᠩᠪᠣᠯᠣᠳ ᠣᠶᠤᠨᠲᠦ᠋ᠯᠬᠢᠭᠦᠷ Khair gereltene-Chinbold OyuuntülkhüürХайр гэрэлтэнэ-Чинболд Оюунтүлхүүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠭᠡᠷᠡᠯᠲᠦᠨ᠎ᠡ-ᠴᠢᠩᠪᠣᠯᠣᠳ ᠣᠶᠤᠨᠲᠦ᠋ᠯᠬᠢᠭᠦᠷ Khair gereltene-Chinbold OyuuntülkhüürХайр гэрэлтэнэ-Чинболд Оюунтүлхүүр

ᠬᠠᠢᠷ᠎ᠠ ᠭᠡᠷᠡᠯᠲᠦᠨ᠎ᠡ-ᠴᠢᠩᠪᠣᠯᠣᠳ ᠣᠶᠤᠨᠲᠦ᠋ᠯᠬᠢᠭᠦᠷ Khair gereltene-Chinbold OyuuntülkhüürХайр гэрэлтэнэ-Чинболд Оюунтүлхүүр

ᠠᠩᠭᠢᠯᠠᠯ:ᠳᠠᠭᠤᠤ ᠬᠥᠭᠵᠢᠮ
2026-01-27

1648

ᠬᠠᠢᠷ᠎ᠠ ᠭᠡᠷᠡᠯᠲᠦᠨ᠎ᠡ


       ᠦᠭᠡ᠄ ᠠ᠊᠂ ᠲᠡᠭᠦᠰᠪᠠᠶᠠᠷ 
       ᠠᠶ᠎ᠠ᠄ Zavya 
       ᠳᠠᠭᠤᠴᠢᠨ᠄ ᠴᠢᠩᠪᠣᠯᠣᠳ᠂ ᠣᠶᠤᠨᠳᠦᠢ᠍ᠯᠬᠢᠭᠦᠷ 

ᠰᠠᠨᠠᠭᠠᠨ ᠳ᠋ᠤ᠌ ᠦᠭᠡᠢ ᠲᠡᠷᠡ ᠨᠢᠭᠡᠨ ᠡᠳᠦᠷ 
ᠰᠠᠯᠬᠢ ᠨᠠᠮ᠎ᠠ ᠶ᠋ᠢ ᠳᠠᠭᠠᠭᠤᠯᠤᠭᠰᠠᠭᠠᠷ 
ᠵᠥᠷᠢᠵᠦ ᠥᠩᠭᠡᠷᠡᠬᠦ ᠬᠥᠮᠦᠰ ᠠᠩᠵᠠᠭᠠᠷᠠᠭ᠎ᠠ ᠦᠭᠡᠢ 
ᠬᠥᠭᠡᠷᠦᠬᠦᠨ ᠲᠡᠭᠦᠨ ᠲᠡᠢ ᠤᠴᠠᠷᠠᠭᠤᠯᠤᠭᠰᠠᠨ  
ᠥᠬᠥᠭᠡᠷᠳᠡᠮ᠎ᠡ ᠭᠡᠨᠡᠬᠡᠨ ᠲᠡᠷᠡ ᠢᠨᠢᠶᠡᠵᠦ 
ᠬᠣᠷᠣᠮᠬᠠᠨ ᠵᠠᠭᠤᠷ᠎ᠠ ᠢᠴᠢᠩᠭᠦᠷᠡᠵᠦ 
ᠬᠠᠢᠷ᠎ᠠ ᠲᠠᠲᠠᠮ᠎ᠠ ᠬᠠᠷᠠᠴᠠ ᠪᠠᠷ ᠢ᠋ᠶ᠋ᠠᠨ 
ᠳᠤᠷᠠᠯᠠᠭᠤᠯᠵᠤ ᠨᠠᠮ᠎ᠠ ᠶ᠋ᠢ ᠬᠠᠷᠠᠭᠰᠠᠨ 

ᠡᠨᠡ ᠪᠢᠳᠡᠨ ᠦ᠌ ᠠᠩᠬᠠᠨ ᠤ᠋ ᠬᠠᠢᠷ᠎ᠠ
ᠴᠢ ᠪᠢᠳᠡ ᠬᠣᠶᠠᠷ ᠤ᠋ᠨ ᠰᠡᠭᠦᠯᠴᠢ ᠶ᠋ᠢᠨ ᠬᠠᠢᠷ᠎ᠠ
ᠳᠤᠷᠠᠯᠠᠵᠤ ᠳᠠᠰᠤᠭᠰᠠᠨ ᠬᠠᠢᠷ᠎ᠠ ᠵᠢᠷᠦᠬᠡᠨ ᠳ᠋ᠦ᠍
ᠡᠭᠦᠷᠢᠳᠡ ᠬᠠᠮᠲᠤ ᠭᠡᠰᠡᠨ ᠦᠭᠡ ᠰᠡᠳᠬᠢᠯ ᠳ᠋ᠦ᠍
ᠬᠥᠭᠡᠷᠦᠬᠦᠨ ᠨᠢᠳᠦᠨ ᠡᠴᠡ ᠴᠢᠨᠢ ᠨᠢᠯᠪᠤᠰᠤ ᠤᠨᠠᠭᠠᠬᠤ ᠦᠭᠡᠢ

ᠴᠢ ᠨᠠᠳᠠ ᠳ᠋ᠤ᠌ ᠲᠡᠢᠮᠦ ᠶᠡᠬᠡ ᠬᠠᠢᠷᠠᠲᠠᠢ ᠶᠤᠮ ᠤᠤ?
ᠨᠠᠷᠠᠨ ᠠ᠋ᠴᠠ ᠲᠣᠮᠣ ᠬᠠᠢᠷᠠᠯᠠᠬᠤ ᠤᠤ?
ᠦᠷᠭᠦᠯᠵᠢ ᠳᠡᠷᠭᠡᠳᠡ ᠮᠢᠨᠢ ᠬᠠᠮᠲᠤ ᠪᠠᠢᠵᠤ ᠴᠢᠳᠠᠬᠤ ᠤᠤ?
ᠶᠠᠭᠠᠬᠢᠭᠠᠳ ᠨᠠᠮ᠎ᠠ ᠶ᠋ᠢ ᠬᠠᠢᠷᠠᠯᠠᠭᠰᠠᠨ ᠶᠤᠮ ᠪᠣᠢ?
ᠶᠠᠭᠠᠬᠢᠭᠠᠳ ᠨᠠᠮ᠎ᠠ ᠶ᠋ᠢ ᠰᠣᠩᠭᠣᠭᠰᠠᠨ ᠶᠤᠮ ᠪᠣᠢ?
ᠴᠣᠷ ᠭᠠᠭᠴᠠ ᠨᠠᠮ᠎ᠠ ᠶ᠋ᠢ ᠬᠠᠢᠷᠠᠯᠠᠬᠤ ᠬᠥᠮᠦᠨ ᠴᠢ ᠮᠥᠨ ᠤᠤ?
         (ᠳᠠᠬᠢᠯᠲᠠ)

ᠬᠠᠢᠷ᠎ᠠ ᠶ᠋ᠢᠨ ᠳᠠᠭᠤᠤ ᠶ᠋ᠢ ᠨᠠᠳᠠ ᠲᠠᠢ ᠬᠠᠮᠲᠤ ᠳᠠᠭᠤᠯᠠᠭᠠᠴᠢ
ᠡᠳᠦᠷ ᠪᠣᠯᠭᠠᠨ ᠬᠠᠢᠷ᠎ᠠ ᠶ᠋ᠢ ᠮᠢᠨᠢ ᠬᠠᠢᠷᠠᠯᠠᠭᠠᠴᠢ
ᠵᠢᠭᠦᠷ ᠳᠡᠯᠭᠡᠨ ᠳᠡᠭᠦᠯᠢᠨ ᠨᠢᠰᠦᠭᠡᠴᠢ
ᠣᠭᠲᠠᠷᠭᠤᠢ ᠶ᠋ᠢᠨ ᠳᠤᠮᠳᠠ ᠣᠳᠣ ᠪᠣᠯᠤᠨ ᠬᠡᠷᠡᠯᠳᠦᠭᠡᠴᠢ
ᠬᠠᠢᠷᠠᠲᠠᠢ ᠭᠡᠳᠡᠭ ᠦᠭᠡ ᠮᠢᠨᠢ ᠦᠨᠡᠨ ᠭᠡᠳ
ᠥᠭᠡᠷ᠎ᠡ ᠬᠡᠨ ᠢ᠋ ᠴᠦ᠍ ᠪᠢᠰᠢ ᠨᠠᠮ᠎ᠠ ᠶ᠋ᠢ ᠬᠠᠢᠷᠠᠯᠠᠭᠠᠴᠢ
ᠣᠳᠣᠳ ᠤ᠋ᠨ ᠳᠤᠮᠳᠠ ᠨᠠᠳᠠ ᠲᠠᠢ ᠪᠥᠵᠢᠭᠯᠡᠭᠡᠴᠢ
ᠪᠡᠶ᠎ᠡ ᠪᠡᠶ᠎ᠡ ᠳ᠋ᠦ᠍ ᠪᠡᠨ ᠠᠭᠤᠰᠤᠶ᠎ᠠ ᠬᠠᠢᠷ᠎ᠠ ᠭᠡᠷᠡᠯᠲᠦᠨ᠎ᠡ᠃
        ( ᠳᠠᠬᠢᠯᠲᠠ)  ( ᠳᠠᠬᠢᠯᠲᠠ)

    ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ