ᠳᠥᠷᠪᠡᠨ ᠠᠭᠤᠯᠠ - ᠬᠠᠨᠲᠠᠢᠰᠢᠷᠢ ᠠᠯᠲᠠᠢ ᠤᠷᠠᠨ ᠪᠦᠲᠦᠭᠡᠯ ᠦ᠋ᠨ ᠨᠢᠭᠡᠳᠦᠯ Durvun uuДөрвөн уул - Хантайшир Алтай уран бүтээлийн нэгдэл
ᠳᠥᠷᠪᠡᠨ ᠠᠭᠤᠯᠠ
ᠬᠠᠨᠲᠠᠢᠰᠢᠷᠢ ᠠᠯᠲᠠᠢ ᠤᠷᠠᠨ ᠪᠦᠲᠦᠭᠡᠯ ᠦ᠋ᠨ ᠨᠢᠭᠡᠳᠦᠯ
ᠬᠠᠳᠠᠨ ᠤ᠋ ᠵᠠᠪᠰᠠᠷ ᠬᠠᠪᠴᠢᠭᠤᠯᠤᠮᠠᠷ ᠬᠠᠯᠢᠭᠤᠨ ᠤ᠋ ᠵᠤᠯᠵᠠᠭ᠎ᠠ ᠬᠥᠭᠡᠷᠦᠬᠦᠢ ᠶᠧ
ᠬᠠᠷᠢ ᠶ᠋ᠢᠨ ᠭᠠᠵᠠᠷ ᠮᠣᠷᠳᠠᠭᠰᠠᠨ ᠬᠠᠢᠷᠠᠲᠠᠢ ᠲᠡᠷᠡ ᠮᠢᠨᠢ ᠬᠥᠭᠡᠷᠦᠬᠦᠢ ᠶᠧ
ᠪᠤᠲᠠᠨ ᠤ᠋ ᠵᠠᠪᠰᠠᠷ ᠪᠤᠯᠲᠠᠢᠭᠰᠠᠨ ᠪᠤᠯᠠᠭᠠᠨ ᠤ᠋ ᠵᠤᠯᠵᠠᠭ᠎ᠠ ᠬᠥᠭᠡᠷᠦᠬᠦᠢ ᠶᠧ
ᠪᠤᠭᠤᠷᠤᠯ ᠬᠠᠯᠵᠠᠨ ᠮᠣᠷᠢ ᠪᠠᠷ ᠢ᠋ᠶ᠋ᠠᠨ ᠪᠤᠲᠠᠷᠠᠭᠤᠯᠵᠤ ᠶᠠᠪᠤᠬᠤ ᠵᠠᠶᠠᠭ᠎ᠠ ᠲᠠᠢ᠂
ᠳᠥᠷᠪᠡᠨ ᠠᠭᠤᠯᠠ ᠶ᠋ᠢᠨ ᠳᠤᠮᠳᠠ ᠠ᠋ᠴᠠ ᠤᠰᠤᠨ ᠤ᠋ ᠲᠤᠩᠭᠠᠯᠠᠭ ᠤᠷᠤᠰᠤᠨ᠎ᠠ ᠳᠠ ᠬᠦᠢ
ᠳᠦᠷᠢ ᠲᠦᠪᠰᠢᠨ ᠠᠮᠠᠷᠠᠭ ᠢ᠋ ᠪᠡᠨ ᠲᠦᠰᠢᠭᠡᠳ ᠰᠠᠭᠤᠬᠤ ᠶ᠋ᠢᠨ ᠵᠠᠶᠠᠭ᠎ᠠ ᠲᠠᠢ ᠳᠠ ᠬᠦᠢ
ᠳᠥᠷᠪᠡᠨ ᠠᠭᠤᠯᠠ ᠶ᠋ᠢᠨ ᠳᠤᠮᠳᠠ ᠠ᠋ᠴᠠ ᠤᠰᠤᠨ ᠤ᠋ ᠲᠤᠩᠭᠠᠯᠠᠭ ᠤᠷᠤᠰᠤᠨ᠎ᠠ ᠳᠠ ᠬᠦᠢ
ᠳᠦᠷᠢ ᠲᠦᠪᠰᠢᠨ ᠠᠮᠠᠷᠠᠭ ᠢ᠋ ᠪᠡᠨ ᠲᠦᠰᠢᠵᠦ ᠰᠠᠭᠤᠬᠤ ᠶ᠋ᠢᠨ ᠵᠠᠶᠠᠭ᠎ᠠ ᠲᠠᠢ ᠬᠦᠢ
ᠠᠭᠤᠯᠠ ᠶ᠋ᠢᠨ ᠲᠤᠩᠭᠠᠯᠠᠭ ᠤᠰᠤᠨ ᠠ᠋ᠴᠠ ᠪᠠᠨ ᠠᠮᠲᠠᠯᠠᠵᠤ ᠰᠠᠭᠤᠭᠠᠳ ᠡᠬᠢᠯᠡᠭᠰᠡᠨ ᠶᠦᠮ ᠠ᠋ ᠬᠦᠢ
ᠬᠥᠮᠦᠨ ᠦ᠌ ᠵᠢᠷᠭᠠᠯ ᠰᠣᠳᠣᠨ ᠠᠭᠤᠯᠠ ᠡᠷᠢᠯᠬᠢᠯᠡᠵᠦ ᠰᠠᠭᠤᠭᠠᠳ ᠰᠢᠯᠢᠭᠰᠡᠨ ᠶᠦᠮ ᠠ᠋ ᠬᠦᠢ᠂
ᠳᠥᠷᠪᠡᠨ ᠠᠭᠤᠯᠠ ᠶ᠋ᠢᠨ ᠮᠠᠨᠢ ᠳᠤᠮᠳᠠ ᠠ᠋ᠴᠠ ᠨᠢ ᠪᠣᠯᠪᠠᠯ ᠳᠠ ᠬᠦᠢ ᠶᠧ
ᠤᠰᠤᠨ ᠤ᠋ ᠮᠠᠨᠢ ᠲᠤᠩᠭᠠᠯᠠᠭ ᠤᠷᠤᠰᠤᠭᠠᠳ ᠯᠠ ᠪᠠᠢᠨ᠎ᠠ ᠤᠤ ᠳᠠ ᠬᠦᠢ
ᠬᠣᠷᠸ᠎ᠠ ᠳᠡᠯᠡᠬᠡᠢ ᠳᠡᠭᠡᠷ᠎ᠡ ᠬᠣᠶᠠᠭᠤᠯᠠ ᠪᠠᠨ ᠲᠥᠷᠥᠭᠰᠡᠨ ᠶᠦᠮ ᠬᠦᠢ ᠶᠧ
ᠬᠣᠷᠸ᠎ᠠ ᠶ᠋ᠢᠨ ᠮᠠᠨᠢ ᠵᠢᠷᠭᠠᠯ ᠵᠣᠪᠠᠯᠠᠩ ᠠ᠋ᠴᠠ ᠠᠮᠰᠠᠵᠤ ᠡᠳ᠋ᠯᠡᠵᠦ ᠢᠷᠡᠯ᠎ᠡ ᠳ᠋ᠣᠣ ᠬᠦᠢ᠂
ᠳᠥᠷᠪᠡᠨ ᠠᠭᠤᠯᠠ ᠶ᠋ᠢᠨ ᠮᠠᠨᠢ ᠳᠤᠮᠳᠠ ᠠ᠋ᠴᠠ ᠨᠢ ᠪᠣᠯᠪᠠᠯ ᠳᠠ ᠬᠦᠢ ᠶᠧ
ᠤᠰᠤᠨ ᠤ᠋ ᠮᠠᠨᠢ ᠲᠤᠩᠭᠠᠯᠠᠭ ᠤᠷᠤᠰᠤᠭᠠᠳ ᠯᠠ ᠪᠠᠢᠨ᠎ᠠ ᠤᠤ ᠳᠠ ᠬᠦᠢ
ᠣᠷᠴᠢᠯᠠᠩ ᠳᠡᠯᠡᠬᠡᠢ ᠳᠡᠭᠡᠷ᠎ᠡ ᠣᠯᠠᠭᠤᠯᠠ ᠪᠠᠨ ᠲᠥᠷᠥᠭᠰᠡᠨ ᠶᠦᠮ ᠬᠦᠢ ᠶᠧ
ᠣᠷᠴᠢᠯᠠᠩ ᠤ᠋ᠨ ᠮᠠᠨᠢ ᠤᠯᠠᠭᠠᠨ ᠨᠠᠷᠠ ᠨᠢ ᠭᠡᠢᠭᠦᠯᠦᠭᠡᠳ ᠪᠠᠢᠨ᠎ᠠ ᠤᠤ ᠳᠠ ᠬᠦᠢ
ᠭᠡᠢᠭᠦᠯᠦᠭᠡᠳ ᠯᠡ ᠪᠠᠢᠨ᠎ᠠ ᠤᠤ ᠳᠠ ᠬᠦᠢ
ᠦᠰᠦᠭ ᠠᠮᠢᠯᠠᠭᠤᠯᠤᠭᠴᠢ᠂ ᠬᠠᠲᠠᠭᠴᠢ ᠄ ᠵᠢᠷᠠᠨᠲᠠᠢ
ᠬᠢᠨᠠᠭᠴᠢ᠄ ᠤᠤᠭᠠᠨᠵᠢᠳ
