ᠯᠦᠸᠧ ᠶᠠᠩ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠦᠸᠧ ᠶᠠᠩ

ᠯᠦᠸᠧ ᠶᠠᠩ

ᠠᠩᠭᠢᠯᠠᠯ:ᠳᠠᠭᠤᠤ ᠬᠥᠭᠵᠢᠮ
2022-10-29

245

ᠯᠦᠸᠧ ᠶᠠᠩ

ᠲᠥᠷᠥᠭᠡᠳ ᠲᠡᠭᠡᠭᠰᠡᠨ ᠭᠠᠵᠠᠷ ᠴᠢᠨᠢ ᠳ᠋ᠠ
ᠠ ᠯᠦᠸᠧ ᠶᠠᠩ ᠠ ᠬᠠ ᠬᠠ ᠬᠥᠶᠢ
ᠲᠦᠮᠡᠨ ᠬᠥᠮᠦᠨ ‍ᠦ ᠴᠤᠭᠯᠠᠭᠠᠳ ᠰᠠᠭᠤᠭᠰᠠᠨ
ᠪᠠᠢ ᠴᠧᠩ ᠽᠢ ᠬᠣᠲᠠ᠎ ᠶ᠋ᠢᠨ ᠭᠠᠵᠠᠷ ‍ᠤᠤ ᠳ᠋ᠠ ᠬᠥᠶᠢ
ᠲᠦᠪᠡᠭᠳᠡᠭᠡᠳ ᠵᠠᠶᠠᠭᠠᠭᠰᠠᠨ ᠭᠠᠵᠠᠷ᠎ ‍ᠢ ᠴᠢᠨᠢ ᠬᠡᠯᠡᠪᠡᠯ ᠡ
ᠠ ᠬᠠ ᠬᠠ ᠬᠥᠶᠢ
ᠲᠡᠮᠦᠷ ᠵᠠᠮ᠎ ‍ᠤᠨ ᠲᠡᠨᠲᠡᠢ ᠲᠠᠯ᠎ᠠ᠎ ᠳ᠋ᠤ ᠨᠢ
ᠬᠤᠨᠠᠨ ᠵᠠᠮ ᠳ᠋ᠠᠭᠠᠨ ᠵᠠᠶᠠᠭᠠᠵᠠᠢ ᠬᠥᠶᠢ
ᠠᠩᠭ᠎ᠠ ᠦᠭᠡᠢ ᠭᠡᠭᠰᠡᠭᠡᠷ ᠪᠠᠢᠭᠠᠳ
ᠠᠩᠭ᠎ᠠ ᠯᠦᠸᠧ ᠶᠠᠩ ᠵᠠᠶᠠᠭᠠᠵᠠᠢ
ᠠ ᠬᠠ ᠬᠠ ᠬᠥᠶᠢ
ᠠᠷᠤᠨ ᠳᠡᠭᠡᠷ᠎ᠡ᠎ᠪᠡᠨ ᠡᠭᠦᠷᠴᠦ ᠯᠡ ᠪᠠᠢᠭᠠᠳ
ᠠᠷᠪᠠᠨ ᠭᠤᠷᠪᠠᠨ ᠨᠠᠰᠤᠯᠠᠭᠤᠯᠵᠠᠢ ᠬᠥᠶᠢ
ᠠᠷᠪᠠᠨ ᠭᠤᠷᠪᠠᠨ ᠨᠠᠰᠤᠯᠠᠪᠠ ᠭᠡᠨᠡᠷᠡᠨ
ᠠᠪᠤ ᠮᠥᠮᠥ ᠨᠢ ᠦᠭᠡᠢ ᠯᠠᠢ ᠰᠢᠦ
ᠠ ᠬᠠ ᠬᠠ ᠬᠥᠶᠢ
ᠠᠪᠠᠭ᠎ᠠ ᠠᠪᠤ ᠨᠢ ᠲᠦᠩ ᠪᠣᠣ ᠯᠢᠩ
ᠠᠪᠠᠴᠢᠵᠤ ᠪᠠᠢᠭᠠᠳ ᠲᠡᠵᠢᠭᠡᠵᠡᠢ ᠬᠥᠶᠢ