ᠡᠷᠢᠭᠳᠡᠨ ᠰᠠᠨᠠᠭᠳᠠᠬᠤ ᠠᠪᠤ ᠮᠢᠨᠢ -ᠲᠤᠭᠴᠢ ᠯᠤᠪᠰᠠᠩ Eregden sanagdakh aav mini-Tugch LuvsanЭрэгдэн санагдах аав минь-Тугч Лувсан
ᠡᠷᠢᠭᠳᠡᠨ ᠰᠠᠨᠠᠭᠳᠠᠬᠤ ᠠᠪᠤ ᠮᠢᠨᠢ
ᠦᠭᠡ᠄ ᠲᠤᠭᠴᠢ ᠯᠤᠪᠰᠠᠩ
ᠠᠶ᠎ᠠ᠂ ᠬᠥᠭᠵᠢᠮ᠄ ᠷᠢᠸᠠᠳᠢ
ᠳᠠᠭᠤᠴᠢᠨ᠄ ᠠ᠊᠂ ᠪᠠᠳᠮ᠎ᠠ
ᠨᠠᠷᠠ ᠰᠢᠭ᠋ ᠢᠯᠴᠢ ᠲᠡᠢ ᠠᠪᠤ ᠮᠢᠨᠢ
ᠨᠠᠮᠬᠠᠨ ᠭᠡᠷ ᠲᠦ᠍ ᠪᠡᠨ ᠳᠡᠯᠡᠬᠡᠢ ᠪᠠᠢᠭᠰᠠᠨ
ᠡᠵᠢ ᠶ᠋ᠢᠨ ᠰᠡᠳᠬᠢᠯ ᠲᠡᠢ ᠤᠶᠠᠬᠠᠨ ᠳᠡᠯᠡᠬᠡᠢ
ᠡᠨᠡᠷᠢᠯ ᠦ᠋ᠨ ᠳᠡᠭᠡᠳᠦ ᠵᠢᠷᠭᠠᠯᠠᠩ ᠪᠠᠢᠭᠰᠠᠨ
ᠡᠷᠢᠭᠳᠡᠨ ᠰᠠᠨᠠᠭᠳᠠᠬᠤ ᠠᠪᠤ ᠮᠢᠨᠢ
ᠡᠯᠢᠭᠡ ᠵᠢᠷᠦᠬᠡᠨ ᠡᠴᠡ ᠥᠨᠢᠳᠡ ᠤᠶᠠᠭᠠᠲᠠᠢ
ᠡᠨᠡᠷᠢᠩᠭᠦᠢ ᠬᠠᠢᠷ᠎ᠠ ᠶ᠋ᠢᠨ ᠢᠯᠴᠢᠨ ᠳ᠋ᠦ᠍ ᠨᠢ
ᠡᠷ᠎ᠡ ᠶ᠋ᠢᠨ ᠴᠣᠭ ᠲᠠᠢ ᠭᠢᠯᠠᠷᠠᠭᠤᠯᠵᠤ ᠶᠠᠪᠤᠭᠰᠠᠨ ᠶᠤᠮ
ᠠᠭᠤᠯᠠ ᠰᠢᠭ᠋ ᠲᠦᠰᠢᠭ ᠲᠡᠢ ᠠᠪᠤ ᠮᠢᠨᠢ
ᠠᠴᠢᠷ ᠦᠷ᠎ᠡ ᠳ᠋ᠦ᠍ ᠪᠡᠨ ᠲᠡᠭᠷᠢ ᠪᠠᠢᠭᠰᠠᠨ
ᠠᠴᠢᠯᠠᠯ ᠤ᠋ᠨ ᠨᠥᠮᠦᠷᠢ ᠲᠡᠢ ᠤᠷᠢᠬᠠᠨ ᠲᠡᠭᠷᠢ
ᠠᠵᠠ ᠶ᠋ᠢᠨ ᠰᠠᠢᠬᠠᠨ ᠰᠢᠲᠦᠭᠡᠨ ᠪᠠᠢᠭᠰᠠᠨ
ᠡᠷᠢᠭᠳᠡᠨ ᠰᠠᠨᠠᠭᠳᠠᠬᠤ ᠠᠪᠤ ᠮᠢᠨᠢ
ᠡᠯᠢᠭᠡ ᠵᠢᠷᠦᠬᠡᠨ ᠡᠴᠡ ᠥᠨᠢᠳᠡ ᠤᠶᠠᠭᠠᠲᠠᠢ
ᠡᠨᠡᠷᠢᠩᠭᠦᠢ ᠬᠠᠢᠷ᠎ᠠ ᠶ᠋ᠢᠨ ᠢᠯᠴᠢᠨ ᠳ᠋ᠦ᠍ ᠨᠢ
ᠡᠷ᠎ᠡ ᠶ᠋ᠢᠨ ᠴᠣᠭ ᠲᠠᠢ ᠭᠢᠯᠠᠷᠠᠭᠤᠯᠵᠤ ᠶᠠᠪᠤᠭᠰᠠᠨ ᠶᠤᠮ
ᠪᠤᠶᠠᠨ ᠤ᠋ ᠢᠪᠡᠭᠡᠯ ᠲᠡᠢ ᠠᠪᠤ ᠮᠢᠨᠢ
ᠪᠣᠳᠣᠯ ᠵᠢᠷᠦᠬᠡᠨ ᠳ᠋ᠦ᠍ ᠬᠣᠷᠸ᠎ᠠ ᠪᠠᠢᠭᠰᠠᠨ
ᠪᠤᠭᠤᠷᠤᠯ ᠢᠪᠡᠭᠡᠯ ᠲᠡᠢ ᠠᠩᠭᠢᠷᠬᠠᠨ ᠬᠣᠷᠸ᠎ᠠ
ᠪᠤᠷᠬᠠᠨ ᠴᠠᠭᠠᠨ ᠰᠠᠬᠢᠭᠤᠯᠰᠤᠨ ᠪᠠᠢᠭᠰᠠᠨ
ᠡᠷᠢᠭᠳᠡᠨ ᠰᠠᠨᠠᠭᠳᠠᠬᠤ ᠠᠪᠤ ᠮᠢᠨᠢ
ᠡᠯᠢᠭᠡ ᠵᠢᠷᠦᠬᠡᠨ ᠡᠴᠡ ᠥᠨᠢᠳᠡ ᠤᠶᠠᠭᠠᠲᠠᠢ
ᠡᠨᠡᠷᠢᠩᠭᠦᠢ ᠬᠠᠢᠷ᠎ᠠ ᠶ᠋ᠢᠨ ᠢᠯᠴᠢᠨ ᠳ᠋ᠦ᠍ ᠨᠢ
ᠡᠷ᠎ᠡ ᠶ᠋ᠢᠨ ᠴᠣᠭ ᠲᠠᠢ ᠭᠢᠯᠠᠷᠠᠭᠤᠯᠵᠤ ᠶᠠᠪᠤᠭᠰᠠᠨ ᠶᠤᠮ
ᠡᠷᠢᠭᠳᠡᠨ ᠰᠠᠨᠠᠭᠳᠠᠬᠤ ᠠᠪᠤ ᠮᠢᠨᠢ
ᠡᠯᠢᠭᠡ ᠵᠢᠷᠦᠬᠡᠨ ᠡᠴᠡ ᠥᠨᠢᠳᠡ ᠤᠶᠠᠭᠠᠲᠠᠢ
ᠡᠨᠡᠷᠢᠩᠭᠦᠢ ᠬᠠᠢᠷ᠎ᠠ ᠶ᠋ᠢᠨ ᠢᠯᠴᠢᠨ ᠳ᠋ᠦ᠍ ᠨᠢ
ᠡᠷ᠎ᠡ ᠶ᠋ᠢᠨ ᠴᠣᠭ ᠲᠠᠢ ᠭᠢᠯᠠᠷᠠᠭᠤᠯᠵᠤ ᠶᠠᠪᠤᠭᠰᠠᠨ ᠶᠤᠮ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ
