ᠲᠠᠪᠤᠨ ᠡᠷᠳᠡᠨᠢ-ᠭ ∙ ᠪᠢᠮᠪᠠᠵᠢᠷᠭᠠᠯ Tavan erdene-G.ByambajargalТаван эрдэнэ-Г.Бямбажаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠡᠷᠳᠡᠨᠢ-ᠭ ∙ ᠪᠢᠮᠪᠠᠵᠢᠷᠭᠠᠯ Tavan erdene-G.ByambajargalТаван эрдэнэ-Г.Бямбажаргал

ᠲᠠᠪᠤᠨ ᠡᠷᠳᠡᠨᠢ-ᠭ ∙ ᠪᠢᠮᠪᠠᠵᠢᠷᠭᠠᠯ Tavan erdene-G.ByambajargalТаван эрдэнэ-Г.Бямбажаргал

ᠠᠩᠭᠢᠯᠠᠯ:ᠳᠠᠭᠤᠤ ᠬᠥᠭᠵᠢᠮ
2026-01-22

260

ᠲᠠᠪᠤᠨ ᠡᠷᠳᠡᠨᠢ

 
    ᠠᠶ᠎ᠠ᠄ ᠵ·ᠪᠠᠲᠤᠰᠦ᠋ᠬᠡ 
    ᠦᠭᠡ᠄ ᠯ·ᠯᠤᠪᠰᠠᠩᠳᠣᠷᠵᠢ 
    ᠳᠠᠭᠤᠴᠢᠨ᠄ ᠭ ∙ ᠪᠢᠮᠪᠠᠵᠢᠷᠭᠠᠯ 

ᠡᠩᠭᠡᠷ ᠦ᠋ᠨ ᠢᠷᠭᠤᠢ ᠴᠠᠰᠤᠨ ᠳᠣᠣᠷ᠎ᠠ ᠵᠡᠭᠦᠳᠦᠯᠡᠬᠦ ᠳ᠋ᠦ᠍ 
ᠡᠬᠢᠨ ᠦ᠌ ᠲᠥᠯ ᠨᠠᠷᠠᠨ ᠨᠠᠭᠠᠰᠢᠯᠠᠵᠤ ᠴᠠᠩᠭᠢᠨᠠᠨ᠎ᠠ 
ᠡᠵᠡᠨ ᠮᠠᠯᠴᠢᠨ ᠤ᠋ ᠮᠠᠩᠨᠠᠢ ᠲᠡᠨᠢᠢᠨ ᠪᠠᠶᠠᠷᠯᠠᠭᠠᠳ 
ᠡᠬᠡ ᠣᠷᠣᠨ ᠤ᠋ ᠮᠢᠨᠢ ᠰᠥᠷᠦᠭ ᠨᠡᠮᠡᠯ᠎ᠡ ᠭᠡᠵᠦ ᠳᠠᠭᠤᠯᠠᠨ᠎ᠠ 
ᠲᠠᠪᠤᠨ ᠪᠦᠯᠢᠶᠡᠨ ᠵᠢᠰᠦ ᠲᠠᠪᠤᠨ ᠤᠶᠠᠬᠠᠨ ᠡᠬᠡᠰᠢᠭ
ᠲᠡᠭᠰᠢ ᠲᠠᠪᠤᠨ ᠬᠦᠰᠡᠯ ᠦ᠋ᠨ ᠠᠮᠢᠳᠤ ᠲᠠᠪᠤᠨ ᠡᠷᠳᠡᠨᠢ

ᠵᠢᠪᠠᠷ ᠤ᠋ᠨ ᠦᠵᠦᠭᠦᠷ ᠤᠶᠠᠷᠠᠵᠤ ᠴᠠᠭ ᠨᠠᠭᠠᠰᠢᠯᠠᠬᠤ ᠳ᠋ᠤ᠌ 
ᠴᠡᠯᠮᠡᠭ ᠰᠥᠨᠢ ᠶ᠋ᠢᠨ ᠣᠳᠣ ᠰᠢᠭ᠋ ᠲᠥᠯ ᠢ᠋ᠶ᠋ᠡᠷ ᠰᠥᠷᠦᠭ ᠪᠠᠶᠠᠵᠢᠨ᠎ᠠ 
ᠥᠩᠭᠡ ᠠᠶᠠᠯᠭᠤ ᠵᠣᠬᠢᠷᠠᠯ ᠴᠢᠬᠢᠨ᠎ᠡ ᠢᠯᠳᠠᠮ ᠲᠠᠭᠠᠴᠠᠭᠠᠳ 
ᠥᠨᠢᠷ ᠮᠠᠯᠴᠢᠨ ᠤ᠋ ᠬᠣᠲᠠ ᠲᠠᠪᠤᠨ ᠡᠷᠳᠡᠨᠢ ᠶ᠋ᠢᠨ ᠳᠠᠯᠠᠢ 
ᠲᠠᠪᠤᠨ ᠪᠦᠯᠢᠶᠡᠨ ᠵᠢᠰᠦ ᠲᠠᠪᠤᠨ ᠤᠶᠠᠬᠠᠨ ᠡᠬᠡᠰᠢᠭ
ᠲᠡᠭᠰᠢ ᠲᠠᠪᠤᠨ ᠬᠦᠰᠡᠯ ᠦ᠋ᠨ ᠠᠮᠢᠳᠤ ᠲᠠᠪᠤᠨ ᠡᠷᠳᠡᠨᠢ

ᠠᠩᠬᠠᠨ ᠤ᠋ ᠪᠣᠷᠣᠭ᠎ᠠ ᠴᠡᠴᠡᠭ ᠦ᠋ᠨ ᠳᠡᠯᠪᠡᠭᠡ ᠶ᠋ᠢ ᠲᠠᠭᠠᠯᠠᠬᠤ ᠳ᠋ᠤ᠌
ᠲᠠᠪᠤᠨ ᠡᠷᠳᠡᠨᠢ ᠳᠡᠯᠡᠬᠡᠢ ᠳᠦᠭᠦᠷᠦᠭᠡᠳ ᠨᠠᠯᠠᠢᠨ᠎ᠠ 
ᠬᠣᠲᠠᠯᠠ ᠲᠦᠮᠡᠨ ᠲᠥᠯ ᠦ᠋ᠨ ᠳᠠᠭᠤᠨ ᠳ᠋ᠤ᠌ ᠪᠠᠨ ᠪᠠᠶᠠᠰᠤᠭᠠᠳ
ᠬᠣᠷᠸ᠎ᠠ ᠶ᠋ᠢᠨ ᠨᠠᠷᠠᠨ ᠰᠠᠭᠠᠲᠠᠨ ᠪᠠᠢᠵᠤ ᠴᠢᠩᠨᠠᠨ᠎ᠠ
ᠲᠠᠪᠤᠨ ᠪᠦᠯᠢᠶᠡᠨ ᠵᠢᠰᠦ ᠲᠠᠪᠤᠨ ᠤᠶᠠᠬᠠᠨ ᠡᠬᠡᠰᠢᠭ
ᠲᠠᠩᠰᠢ ᠲᠠᠪᠤᠨ ᠬᠦᠰᠡᠯ ᠦ᠋ᠨ ᠠᠮᠢᠳᠤ ᠲᠠᠪᠤᠨ ᠡᠷᠳᠡᠨᠢ
ᠲᠠᠪᠤᠨ ᠪᠦᠯᠢᠶᠡᠨ ᠵᠢᠰᠦ ᠲᠠᠪᠤᠨ ᠤᠶᠠᠬᠠᠨ ᠡᠬᠡᠰᠢᠭ
ᠲᠡᠭᠰᠢ ᠲᠠᠪᠤᠨ ᠬᠦᠰᠡᠯ ᠦ᠋ᠨ ᠠᠮᠢᠳᠤ ᠲᠠᠪᠤᠨ ᠡᠷᠳᠡᠨᠢ