ᠠᠵᠠ ᠶ᠋ᠢᠨ ᠳᠥᠷᠪᠡᠨ ᠪᠡᠷᠬᠡ- ᠡᠷᠳᠡᠮᠲᠦАзын дөрвөн бэргэ
ᠠᠵᠠ ᠶᠢᠨ ᠳᠥᠷᠪᠡᠨ ᠪᠡᠷᠬᠡ
ᠰᠢᠯᠦᠭ᠄ ᠲᠣᠭᠲᠠᠬᠤ
ᠠᠶ᠎ᠠ ᠄ ᠪᠣᠯᠤᠳ
ᠳᠠᠭᠤᠴᠢᠨ᠄ ᠡᠷᠳᠡᠮᠲᠦ
ᠡᠯᠦᠨ ᠳᠡᠭᠡᠳᠦ ᠡᠴᠡ ᠥᠪᠯᠡᠭᠰᠡᠨ ᠪᠢᠯᠢᠭ ᠦᠨ ᠰᠤᠷ
ᠴᠢᠩᠭᠢᠰ ᠬᠡᠯᠡ ᠪᠡᠷ ᠰᠢᠪᠰᠢᠭᠰᠡᠨ ᠡᠩᠬᠡ ᠶᠢᠨ ᠪᠡᠯᠭᠡᠳᠡᠯ
ᠮᠣᠷᠢ ᠪᠠᠭᠤᠵᠤ ᠬᠥᠯᠥᠷᠡᠭᠰᠡᠨ ᠪᠣᠰᠣᠭ᠎ᠠ ᠵᠠᠶᠠᠭ᠎ᠠ
ᠲᠩᠷᠢ ᠶᠢᠨ ᠣᠩᠭᠣ ᠲᠤᠰᠤᠭᠰᠠᠨ ᠬᠥᠬᠡ ᠬᠡᠢᠮᠣᠷᠢ
ᠲᠥᠯᠭᠡ ᠶᠢᠨ ᠵᠢᠷᠤᠬᠠᠢ ᠳᠤ ᠰᠢᠯᠭᠡᠭᠡᠭᠰᠡᠨ ᠠᠮᠢᠳᠤ ᠲᠠᠷᠢ
ᠲᠤᠢᠯ ᠦᠨ ᠳᠠᠭᠤᠨ ᠢᠶᠠᠷ ᠲᠤᠱᠠᠭᠳᠠᠭᠰᠠᠨ ᠰᠠᠳᠠᠷᠲᠤ ᠨᠠᠭᠠᠳᠤᠮ
ᠭᠠᠯ ᠤᠨ ᠳᠡᠷᠭᠡᠳᠡ ᠬᠥᠯᠯᠡᠭᠰᠡᠨ ᠴᠡᠴᠡᠨ ᠤᠤᠬᠠᠢ
ᠰᠤᠳᠤᠷ ᠤᠨ ᠲᠠᠩᠨᠠᠢ ᠳᠤ ᠬᠥᠯᠪᠡᠷᠢᠭᠰᠡᠨ ᠲᠣᠷᠭᠠᠨ ᠤᠬᠠᠭᠠᠨ
ᠨᠠᠷᠠ ᠬᠤᠳᠠᠯᠠᠭᠰᠠᠨ ᠪᠠᠭᠤᠴᠠᠨ ᠳᠤ ᠰᠢᠭᠰᠢᠵᠦ ᠣᠷᠭᠢᠭᠰᠠᠨ ᠳᠥᠷᠪᠡᠨ ᠪᠡᠷᠬᠡ
ᠳᠡᠯᠡᠬᠡᠢ ᠶᠢᠨ ᠵᠣᠯᠠᠢ ᠶᠢ ᠵᠥᠭᠡᠯᠡᠯᠡᠬᠦ ᠠᠷᠢᠭᠤᠨ ᠰᠢᠪᠰᠢᠯᠭᠡ
ᠨᠠᠢᠷᠠᠭ ᠬᠠᠲᠠᠷᠢᠭᠰᠠᠨ ᠨᠤᠲᠤᠭ ᠤᠨ ᠠᠵᠠ ᠬᠤᠷᠤᠢᠯᠠᠭᠰᠠᠨ ᠳᠥᠷᠪᠡᠨ ᠪᠡᠷᠬᠡ
ᠳᠥᠷᠥᠭᠡᠨ ᠳᠡᠭᠡᠷ᠎ᠡ ᠪᠡᠨ ᠥᠨᠳᠡᠢᠭᠰᠡᠨ ᠮᠣᠩᠭᠣᠯ ᠬᠡᠢᠮᠣᠷᠢ
ᠨᠡᠭᠦᠳᠡᠯ ᠳᠠᠭᠠᠵᠤ ᠨᠢᠯᠬᠠᠷᠠᠭᠰᠠᠨ ᠮᠠᠯ ᠤᠨ ᠬᠡᠰᠢᠭ
ᠡᠪᠦᠭᠡᠳ ᠦᠨ ᠠᠯᠠᠭᠠᠨ ᠳᠤ ᠮᠥᠯᠥᠢᠭᠰᠡᠨ ᠳᠡᠯᠭᠡᠷ ᠪᠡᠯᠭᠡᠰᠢᠶᠡᠯ
ᠭᠡᠷ ᠦᠨ ᠬᠣᠢᠮᠣᠷ ᠲᠤ ᠵᠠᠪᠢᠯᠠᠭᠰᠠᠨ ᠨᠥᠮᠴᠥᠭ ᠪᠤᠶᠠᠨ
ᠴᠠᠢ ᠲᠠᠢ ᠵᠡᠷᠭᠡᠴᠡᠨ ᠳᠠᠷᠭᠢᠭᠰᠠᠨ ᠪᠤᠭᠤᠷᠤᠯ ᠬᠠᠭᠤᠴᠢ