ᠪᠢ ᠮᠣᠩᠭᠣᠯ ᠳ᠋ᠠᠭᠠᠨ ᠲᠥᠷᠥᠭᠰᠡᠨ- ᠵᠡᠯᠮ᠎ᠡ ᠬᠠᠷ᠎ᠠ ᠬᠠᠮᠲᠤᠯᠢᠭBi mongoldoo dürsen _ Zalam khar khamtlagБи монголдоо дүрсэн _ Залам хар хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠮᠣᠩᠭᠣᠯ ᠳ᠋ᠠᠭᠠᠨ ᠲᠥᠷᠥᠭᠰᠡᠨ- ᠵᠡᠯᠮ᠎ᠡ ᠬᠠᠷ᠎ᠠ ᠬᠠᠮᠲᠤᠯᠢᠭBi mongoldoo dürsen _ Zalam khar khamtlagБи монголдоо дүрсэн _ Залам хар хамтлаг

ᠪᠢ ᠮᠣᠩᠭᠣᠯ ᠳ᠋ᠠᠭᠠᠨ ᠲᠥᠷᠥᠭᠰᠡᠨ- ᠵᠡᠯᠮ᠎ᠡ ᠬᠠᠷ᠎ᠠ ᠬᠠᠮᠲᠤᠯᠢᠭBi mongoldoo dürsen _ Zalam khar khamtlagБи монголдоо дүрсэн _ Залам хар хамтлаг

ᠠᠩᠭᠢᠯᠠᠯ:ᠳᠠᠭᠤᠤ ᠬᠥᠭᠵᠢᠮ
2026-01-21

259

ᠪᠢ ᠮᠣᠩᠭᠣᠯ ᠳ᠋ᠠᠭᠠᠨ ᠲᠥᠷᠥᠭᠰᠡᠨ


   ᠦᠭᠡ᠄ ᠬᠠᠰᠪᠤᠯᠤᠳ 
   ᠠᠶ᠎ᠠ᠄ ᠪᠠ‍᠂ ᠴᠢᠷᠮᠠᠢᠯᠲᠠ 
   ᠳᠠᠭᠤᠴᠢᠨ᠄ ᠵᠠᠯᠮ᠎ᠠ ᠬᠠᠷ᠎ᠠ ᠬᠠᠮᠲᠤᠯᠢᠭ 

ᠪᠤᠭᠤ ᠨᠢ ᠤᠷᠤᠮᠳᠠᠬᠤ ᠤᠶᠠᠬᠠᠨ ᠴᠤᠤᠷᠢᠶ᠎ᠠ 
ᠤᠰᠤ ᠨᠢ ᠥᠷᠥᠮᠳᠡᠬᠦ ᠰᠣᠨᠢᠬᠠᠨ ᠵᠡᠷᠭᠡᠯᠭᠡᠨ 
ᠬᠤᠷ᠎ᠠ ᠪᠠᠨ ᠬᠥᠬᠥᠵᠦ ᠳᠡᠯᠭᠡᠷᠡᠬᠦ ᠲᠠᠯ᠎ᠠ ᠠ᠋ 
ᠨᠠᠷᠠᠨ ᠵᠢᠷᠦᠬᠡ ᠲᠡᠢ ᠮᠣᠩᠭᠣᠯ ᠤ᠋ᠨ ᠲᠩᠷᠢ ᠠ᠋ 
ᠪᠢ ᠮᠣᠩᠭᠣᠯ ᠳ᠋ᠠᠭᠠᠨ ᠲᠥᠷᠥᠭᠰᠡᠨ 
ᠪᠢ ᠵᠢᠷᠭᠠᠯ ᠲᠠᠢ᠂ ᠪᠢ ᠪᠠᠬᠠᠷᠬᠠᠯ ᠲᠠᠢ᠂ ᠣᠮᠣᠭᠰᠢᠨᠠᠮ ᠪᠢ 
ᠪᠢ ᠮᠣᠩᠭᠣᠯ ᠣᠷᠣᠨ ᠳ᠋ᠠᠭᠠᠨ ᠲᠥᠷᠥᠭᠰᠡᠨ 
ᠡᠴᠢᠭᠡ ᠲᠩᠷᠢ᠂ ᠡᠬᠡ ᠳᠡᠯᠡᠬᠡᠢ ᠮᠢᠨᠦ ᠵᠧ 

ᠨᠠᠮᠨᠠᠭᠠᠴᠢ ᠨᠢ ᠮᠡᠷᠭᠡᠨ ᠵᠣᠷᠢᠭᠲᠤ ᠡᠷᠡᠰ
ᠤᠢᠯᠠᠴᠢ ᠨᠢ ᠤᠷᠠᠨ ᠤᠬᠠᠭᠠᠨᠲᠤ ᠪᠦᠰᠡᠭᠦᠢ
ᠪᠤᠷᠬᠠᠨ ᠪᠣᠭᠳᠠ ᠶ᠋ᠢᠨ ᠡᠬᠡ ᠣᠷᠣᠨ ᠮᠣᠩᠭᠣᠯ
ᠪᠤᠶᠠᠨ ᠤ᠋ ᠴᠠᠭᠠᠨ ᠮᠥᠷ ᠲᠡᠢ ᠮᠠᠯᠴᠢᠳ ᠰᠠᠬᠢᠭᠤᠯᠰᠤᠨ
ᠪᠢ ᠮᠣᠩᠭᠣᠯ ᠳ᠋ᠠᠭᠠᠨ ᠲᠥᠷᠥᠭᠰᠡᠨ
ᠪᠢ ᠵᠢᠷᠭᠠᠯ ᠲᠠᠢ᠂ ᠪᠢ ᠪᠠᠬᠠᠷᠬᠠᠯ ᠲᠠᠢ᠂ ᠣᠮᠣᠭᠰᠢᠨᠠᠮ ᠪᠢ
ᠪᠢ ᠮᠣᠩᠭᠣᠯ ᠣᠷᠣᠨ ᠳ᠋ᠠᠭᠠᠨ ᠲᠥᠷᠥᠭᠰᠡᠨ
ᠡᠴᠢᠭᠡ ᠲᠩᠷᠢ᠂ ᠡᠬᠡ ᠳᠡᠯᠡᠬᠡᠢ ᠮᠢᠨᠦ ᠵᠧ

ᠬᠠᠶᠢᠭ ᠨᠢ ᠮᠠᠨᠳᠤᠭᠰᠠᠨ ᠮᠣᠷᠢ ᠲᠠᠢ ᠵᠠᠶᠠᠭ᠎ᠠ
ᠬᠠᠩᠭᠠᠢ ᠳ᠋ᠠᠭᠠᠨ ᠪᠠᠭᠤᠳᠠᠯᠯᠠᠬᠤ ᠲᠣᠷᠭᠠᠨ ᠨᠡᠭᠦᠳᠡᠯ
ᠬᠠᠭᠠᠨ ᠤᠳᠤᠮ ᠤ᠋ᠨ ᠬᠥᠬᠡ ᠮᠣᠩᠭᠣᠯ ᠮᠢᠨᠢ
ᠬᠠᠢᠯᠭᠠᠨ ᠵᠠᠩ ᠲᠠᠢ ᠬᠠᠲᠠᠭᠤ ᠵᠠᠷᠯᠢᠭ ᠲᠠᠢ
ᠪᠢ ᠮᠣᠩᠭᠣᠯ ᠳ᠋ᠠᠭᠠᠨ ᠲᠥᠷᠥᠭᠰᠡᠨ
ᠪᠢ ᠵᠢᠷᠭᠠᠯ ᠲᠠᠢ᠂ ᠪᠢ ᠪᠠᠬᠠᠷᠬᠠᠯ ᠲᠠᠢ᠂ ᠣᠮᠣᠭᠰᠢᠨᠠᠮ ᠪᠢ
ᠪᠢ ᠮᠣᠩᠭᠣᠯ ᠣᠷᠣᠨ ᠳ᠋ᠠᠭᠠᠨ ᠲᠥᠷᠥᠭᠰᠡᠨ
ᠡᠴᠢᠭᠡ ᠲᠩᠷᠢ᠂ ᠡᠬᠡ ᠳᠡᠯᠡᠬᠡᠢ ᠮᠢᠨᠦ ᠵᠧ
ᠪᠢ ᠮᠣᠩᠭᠣᠯ ᠳ᠋ᠠᠭᠠᠨ ᠲᠥᠷᠥᠭᠰᠡᠨ
ᠪᠢ ᠵᠢᠷᠭᠠᠯ ᠲᠠᠢ᠂ ᠪᠢ ᠪᠠᠬᠠᠷᠬᠠᠯ ᠲᠠᠢ᠂ ᠣᠮᠣᠭᠰᠢᠨᠠᠮ ᠪᠢ
ᠪᠢ ᠮᠣᠩᠭᠣᠯ ᠣᠷᠣᠨ ᠳ᠋ᠠᠭᠠᠨ ᠲᠥᠷᠥᠭᠰᠡᠨ
ᠡᠴᠢᠭᠡ ᠲᠩᠷᠢ᠂ ᠡᠬᠡ ᠳᠡᠯᠡᠬᠡᠢ ᠮᠢᠨᠦ ᠵᠧ
ᠡᠴᠢᠭᠡ ᠲᠩᠷᠢ᠂ ᠡᠬᠡ ᠳᠡᠯᠡᠬᠡᠢ ᠮᠢᠨᠦ ᠵᠧ