ᠬᠦᠯᠢᠶᠡᠯᠲᠡ-ᠰᠦᠮᠡᠨᠬᠤᠸᠠᠷHuleelt-SümnkhuvrХүлээлт-Сүмнхувр
ᠬᠦᠯᠢᠶᠡᠯᠲᠡ
HULEELT
ᠦᠭᠡ ᠠᠶ᠎ᠠ᠄ ᠵ᠂ ᠳᠠᠪᠰᠢᠯᠲᠤ
ᠳᠠᠭᠤᠴᠢᠨ᠄ ᠰᠦᠮᠡᠨᠬᠤᠸᠠᠷ
ᠱᠠ ᠴᠡᠩᠬᠡᠷ ᠠᠯᠴᠢᠭᠤᠷ ᠴᠢᠨᠢ ᠰᠡᠮᠡᠷᠡᠯᠡ ᠬᠠᠢᠷᠠᠲᠤ ᠮᠢᠨᠢ
ᠰᠠᠷᠠᠨ ᠠ᠋ᠴᠠ ᠠᠰᠠᠭᠤᠵᠤ ᠴᠢᠮ᠎ᠠ ᠪᠠᠨ ᠬᠦᠯᠢᠶᠡᠯ᠎ᠡ ᠬᠠᠢᠷᠠᠲᠤ ᠮᠢᠨᠢ
ᠨᠠᠷᠠᠨ ᠤ᠋ ᠳᠣᠣᠷ᠎ᠠ ᠵᠠᠮ ᠲᠣᠰᠣᠨ ᠴᠢᠮ᠎ᠠ ᠪᠠᠨ ᠬᠦᠯᠢᠶᠡᠯ᠎ᠡ
ᠨᠠᠰᠤᠨ ᠤ᠋ ᠬᠠᠨᠢ ᠪᠠᠨ ᠭᠡᠵᠦ ᠢᠲᠡᠭᠡᠭᠰᠡᠭᠡᠷ ᠴᠢᠮ᠎ᠠ ᠪᠠᠨ ᠬᠦᠯᠢᠶᠡᠯ᠎ᠡ
ᠪᠣᠷᠣᠭᠠᠨ ᠲᠠᠢ ᠴᠣᠭ ᠠᠰᠬᠠᠷᠠᠨ ᠴᠢᠮ᠎ᠠ ᠪᠠᠨ ᠬᠦᠯᠢᠶᠡᠯ᠎ᠡ
ᠪᠣᠳᠣᠯ ᠳ᠋ᠠᠭᠠᠨ ᠵᠠᠬᠢᠶ᠎ᠠ ᠪᠢᠴᠢᠨ ᠴᠢᠮ᠎ᠠ ᠪᠠᠨ ᠬᠦᠯᠢᠶᠡᠯ᠎ᠡ
ᠶᠠᠪᠤᠭᠰᠠᠨ ᠪᠦᠬᠦᠨ ᠳ᠋ᠦ᠍ ᠦᠭᠡ ᠵᠠᠬᠢᠨ ᠴᠢᠮ᠎ᠠ ᠪᠠᠨ ᠬᠦᠯᠢᠶᠡᠯ᠎ᠡ
ᠢᠷᠡᠭᠰᠡᠨ ᠪᠣᠯᠭᠠᠨ ᠠ᠋ᠴᠠ ᠴᠢᠮᠡᠭᠡ ᠴᠢᠩᠨᠠᠨ ᠴᠢᠮ᠎ᠠ ᠪᠠᠨ ᠬᠦᠯᠢᠶᠡᠯ᠎ᠡ
ᠰᠢᠷᠭᠠᠯ ᠨᠠᠮᠤᠷ ᠤ᠋ᠨ ᠤᠢᠲᠠᠢ ᠤᠳᠠᠭᠠᠨ ᠮᠥᠷᠥᠭᠡᠳᠦᠯ
ᠰᠠᠷ᠎ᠠ ᠬᠣᠨᠣᠭ ᠤ᠋ᠨ ᠤᠯᠠᠷᠢᠨ ᠤᠯᠠᠷᠢᠬᠤ ᠶ᠋ᠢ ᠮᠡᠳᠡᠭᠰᠡᠨ ᠦᠭᠡᠢ
ᠬᠣᠪᠣᠷᠬᠠᠨ ᠲᠣᠬᠢᠶᠠᠭᠰᠠᠨ ᠬᠠᠨᠢ ᠶ᠋ᠢᠨ ᠵᠠᠶᠠᠭᠠᠨ ᠳ᠋ᠤ᠌ ᠢᠲᠡᠭᠡᠭᠰᠡᠭᠡᠷ
ᠬᠣᠩᠭᠣᠷ ᠵᠠᠯᠠᠭᠤ ᠨᠠᠰᠤ ᠮᠢᠨᠢ ᠬᠠᠭᠳᠠᠷᠠᠯᠠ
ᠰᠠᠷ᠎ᠠ ᠶ᠋ᠢ ᠨᠠᠷᠠ ᠲᠠᠢ ᠠᠷᠭᠠᠮᠵᠢᠨ ᠪᠠᠢᠵᠤ ᠪᠢ ᠬᠦᠯᠢᠶᠡᠯ᠎ᠡ
ᠡᠬᠢᠯᠡᠯᠲᠡ ᠲᠡᠭᠦᠰᠬᠡᠯ ᠬᠣᠶᠠᠷ ᠢ᠋ ᠡᠮᠵᠢᠨ ᠬᠦᠯᠢᠶᠡᠯ᠎ᠡ
ᠦᠨᠡᠨ ᠬᠦᠷᠬᠦ ᠦᠭᠡᠢ ᠠᠯᠤᠰ ᠠ᠋ᠴᠠ ᠴᠢᠮ᠎ᠠ ᠪᠠᠨ ᠬᠦᠯᠢᠶᠡᠯ᠎ᠡ
ᠡᠭᠦᠷᠢᠳᠡ ᠶ᠋ᠢᠨ ᠬᠠᠢᠷ᠎ᠠ ᠮᠢᠨᠢ ᠴᠢᠮ᠎ᠠ ᠪᠠᠨ ᠮᠥᠨ ᠴᠦ᠍ ᠶᠡᠬᠡ ᠬᠦᠯᠢᠶᠡᠯ᠎ᠡ
ᠰᠢᠷᠭᠠᠯ ᠨᠠᠮᠤᠷ ᠤ᠋ᠨ ᠤᠢᠲᠠᠢ ᠤᠳᠠᠭᠠᠨ ᠮᠥᠷᠥᠭᠡᠳᠦᠯ
ᠰᠠᠷ᠎ᠠ ᠬᠣᠨᠣᠭ ᠤ᠋ᠨ ᠤᠯᠠᠷᠢᠨ ᠤᠯᠠᠷᠢᠬᠤ ᠶ᠋ᠢ ᠮᠡᠳᠡᠭᠰᠡᠨ ᠦᠭᠡᠢ
ᠬᠣᠪᠣᠷᠬᠠᠨ ᠲᠣᠬᠢᠶᠠᠭᠰᠠᠨ ᠬᠠᠨᠢ ᠶ᠋ᠢᠨ ᠵᠠᠶᠠᠭᠠᠨ ᠳ᠋ᠤ᠌ ᠢᠲᠡᠭᠡᠭᠰᠡᠭᠡᠷ
ᠬᠣᠩᠭᠣᠷ ᠵᠠᠯᠠᠭᠤ ᠨᠠᠰᠤ ᠮᠢᠨᠢ ᠬᠠᠭᠳᠠᠷᠠᠯᠠ
ᠬᠦᠯᠢᠶᠡᠯ᠎ᠡ᠁ ᠬᠦᠯᠢᠶᠡᠯ᠎ᠡ᠁
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
