ᠰᠦᠵᠦᠭ ᠦ᠋ᠨ ᠣᠩᠭᠣᠨ ᠰᠢᠲᠦᠭᠡᠨ ᠪᠠᠢᠨ᠎ᠠ - ᠦᠭᠡ᠄ ᠴᠢ· ᠬᠠᠰᠯᠤᠤ ᠂ ᠠᠶ᠎ᠠ᠄ ᠷᠠᠸᠠᠳᠢ᠂ ᠳᠠᠭᠤᠯᠠᠭᠰᠠᠨ᠄ ᠵ·ᠰᠠᠷᠠᠨᠭᠡᠷᠡᠯ Сүжгийн онгон шүтээн байна - Үг᠄ Чи· Хаслуу᠂ Ая᠄ Равади᠂ Дуулсан᠄ З·Сарангэрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠵᠦᠭ ᠦ᠋ᠨ ᠣᠩᠭᠣᠨ ᠰᠢᠲᠦᠭᠡᠨ ᠪᠠᠢᠨ᠎ᠠ - ᠦᠭᠡ᠄ ᠴᠢ· ᠬᠠᠰᠯᠤᠤ ᠂ ᠠᠶ᠎ᠠ᠄ ᠷᠠᠸᠠᠳᠢ᠂ ᠳᠠᠭᠤᠯᠠᠭᠰᠠᠨ᠄ ᠵ·ᠰᠠᠷᠠᠨᠭᠡᠷᠡᠯ Сүжгийн онгон шүтээн байна - Үг᠄ Чи· Хаслуу᠂ Ая᠄ Равади᠂ Дуулсан᠄ З·Сарангэрэл

ᠰᠦᠵᠦᠭ ᠦ᠋ᠨ ᠣᠩᠭᠣᠨ ᠰᠢᠲᠦᠭᠡᠨ ᠪᠠᠢᠨ᠎ᠠ - ᠦᠭᠡ᠄ ᠴᠢ· ᠬᠠᠰᠯᠤᠤ ᠂ ᠠᠶ᠎ᠠ᠄ ᠷᠠᠸᠠᠳᠢ᠂ ᠳᠠᠭᠤᠯᠠᠭᠰᠠᠨ᠄ ᠵ·ᠰᠠᠷᠠᠨᠭᠡᠷᠡᠯ Сүжгийн онгон шүтээн байна - Үг᠄ Чи· Хаслуу᠂ Ая᠄ Равади᠂ Дуулсан᠄ З·Сарангэрэл

ᠠᠩᠭᠢᠯᠠᠯ:ᠳᠠᠭᠤᠤ ᠬᠥᠭᠵᠢᠮ
2026-01-20

369

ᠰᠦᠵᠦᠭ ᠦ᠋ᠨ ᠣᠩᠭᠣᠨ ᠰᠢᠲᠦᠭᠡᠨ ᠪᠠᠢᠨ᠎ᠠ


               ᠦᠭᠡ᠄ ᠴᠢ· ᠬᠠᠰᠯᠤᠤ    
               ᠠᠶ᠎ᠠ᠄ ᠷᠠᠸᠠᠳᠢ    
               ᠳᠠᠭᠤᠯᠠᠭᠰᠠᠨ᠄ ᠵ· ᠰᠠᠷᠠᠨᠭᠡᠷᠡᠯ   

 ᠲᠦᠬᠦᠢ ᠶ᠋ᠢᠨ ᠨᠣᠭᠣᠭᠠᠨ ᠴᠠᠢᠳᠠᠮ ᠪᠠᠢᠨ᠎ᠠ   
 ᠲᠥᠷᠥᠵᠦ ᠵᠠᠶᠠᠭᠠᠭᠰᠠᠨ ᠥᠯᠥᠭᠡᠢ ᠮᠢᠨᠢ ᠶᠦᠮ ᠠ᠋   
 ᠲᠦᠮᠡᠨ ᠰᠦᠷᠦᠭ ᠦ᠋ᠨ ᠪᠡᠯᠴᠢᠭᠡᠷ ᠳᠡᠭᠡᠷ᠎ᠡ ᠨᠢ ᠬᠦ   
 ᠲᠥᠯ ᠢ᠋ᠶ᠋ᠡᠨ ᠬᠠᠷᠢᠭᠤᠯᠵᠤ ᠲᠣᠷᠨᠢᠭᠰᠠᠨ ᠶᠤᠮ ᠠ᠋   
     ᠲᠥᠷᠥᠵᠦ ᠥᠰᠦᠭᠰᠡᠨ ᠨᠤᠲᠤᠭ ᠢ᠋ᠶ᠋ᠠᠨ    
     ᠳᠤᠷᠠᠰᠤᠨ ᠰᠠᠨᠠᠬᠤᠶ᠎ᠠ ᠰᠠᠢᠬᠠᠨ ᠪᠠᠢᠨ᠎ᠠ ᠬᠦ           

 ᠪᠠᠷᠰᠲᠣ ᠶ᠋ᠢᠨ ᠠᠭᠯᠠᠭ ᠡᠷᠢᠶᠡᠨ ᠪᠠᠢᠨ᠎ᠠ  
 ᠪᠠᠭ᠎ᠠ ᠶ᠋ᠢᠨ ᠥᠰᠦᠭᠰᠡᠨ ᠨᠤᠲᠤᠭ ᠮᠢᠨᠢ ᠶᠦᠮ ᠠ᠋  
 ᠪᠠᠷᠰ ᠤ᠋ᠨ ᠬᠡᠪᠲᠡᠰᠢ ᠰᠡᠷᠪᠡᠩ ᠢ᠋ᠶ᠋ᠡᠷ ᠨᠢ   
 ᠪᠠᠷᠢᠯᠳᠤᠵᠤ ᠮᠠᠭᠰᠢᠵᠤ ᠲᠣᠷᠨᠢᠭᠰᠠᠨ ᠶᠤᠮ ᠠ᠋   
     ᠪᠠᠭ᠎ᠠ ᠶ᠋ᠢᠨ ᠥᠰᠦᠭᠰᠡᠨ ᠨᠤᠲᠤᠭ ᠢ᠋ᠶ᠋ᠠᠨ 
     ᠪᠠᠬᠠᠳᠤᠨ ᠰᠠᠨᠠᠬᠤᠶ᠎ᠠ ᠰᠠᠢᠬᠠᠨ ᠪᠠᠢᠨ᠎ᠠ ᠬᠦ    

 ᠰᠤᠪᠠᠭ ᠤ᠋ᠨ ᠥᠨᠳᠥᠷ ᠮᠠᠩᠬ᠎ᠠ ᠪᠠᠢᠨ᠎ᠠ  
 ᠰᠠᠭᠤᠷᠢᠰᠢᠯ ᠨᠤᠲᠤᠭ ᠤ᠋ᠨ ᠮᠢᠨᠢ ᠪᠠᠷ᠎ᠠ ᠶᠤᠮ ᠠ᠋   
 ᠰᠦᠮᠪᠦᠷ ᠥᠨᠳᠥᠷ ᠣᠷᠣᠢ ᠪᠠᠷ ᠨᠢ  
 ᠰᠥᠭᠥᠳᠴᠦ ᠮᠥᠯᠬᠥᠵᠦ ᠲᠣᠷᠨᠢᠭᠰᠠᠨ ᠶᠤᠮ ᠠ᠋  
     ᠰᠦᠮᠡᠢᠨ ᠬᠠᠷᠠᠭᠳᠠᠬᠤ ᠪᠠᠷ᠎ᠠ ᠨᠢ  
     ᠰᠦᠵᠦᠭ ᠦ᠋ᠨ ᠣᠩᠭᠣᠨ ᠰᠢᠲᠦᠭᠡᠨ ᠪᠠᠢᠨ᠎ᠠ ᠬᠦ 
     ᠰᠦᠮᠡᠢᠨ ᠬᠠᠷᠠᠭᠳᠠᠬᠤ ᠪᠠᠷ᠎ᠠ ᠨᠢ  
     ᠰᠦᠵᠦᠭ ᠦ᠋ᠨ ᠣᠩᠭᠣᠨ ᠰᠢᠲᠦᠭᠡᠨ ᠪᠠᠢᠨ᠎ᠠ ᠬᠦ     

         ᠦᠰᠦᠭ ᠠᠮᠢᠯᠠᠭᠤᠯᠤᠭᠴᠢ᠄ ᠵᠢᠩᠯᠢᠬᠤᠸᠠᠷ