ᠵᠢᠩᠳᠡᠭᠡᠬᠦ ᠰᠠᠯᠬᠢᠦᠭᠡᠢ ᠬᠣᠷᠸ᠎ᠠ-ᠼ ∙ ᠡᠯᠪᠡᠭᠵᠠᠶᠠᠭ᠎ᠠ ᠊ ᠮ ∙ ᠶᠠᠩᠵᠢᠨᠳᠠᠷᠢЖиндээх салхигүй хорвоо Ц.Элбэгзаяа М.Янжиндарь Jindeeh salkhigui khorvoo
ᠵᠢᠩᠳᠡᠭᠡᠬᠦ ᠰᠠᠯᠬᠢ ᠦᠭᠡᠢ ᠬᠣᠷᠸ᠎ᠠ
ᠦᠭᠡ᠄ ᠯ᠂ ᠭᠠᠩᠵᠤᠯᠠ
ᠠᠶ᠎ᠠ᠄ ᠭ᠂ ᠪᠠᠲᠤᠬᠤᠶᠠᠭ
ᠳᠠᠭᠤᠴᠢᠨ᠄ ᠼ᠂ ᠡᠯᠪᠡᠭᠵᠠᠶᠠᠭ᠎ᠠ᠂ ᠮ᠂ ᠶᠠᠩᠵᠢᠨᠳᠠᠷᠢ
ᠬᠠᠲᠤᠨ ᠪᠦᠪᠡᠢ ᠨᠠᠮᠤᠭᠤᠨ ᠵᠦᠰᠡᠷᠡᠭᠡᠨ ᠳ᠋ᠦ᠍
ᠬᠠᠢᠷ᠎ᠠ ᠶ᠋ᠢᠨ ᠴᠡᠴᠡᠭ ᠦ᠋ᠳ ᠮᠡᠯᠮᠡᠷᠡᠨ ᠮᠡᠯᠮᠡᠷᠡᠯᠡ
ᠳᠠᠰᠬᠤ ᠶ᠋ᠢᠨ ᠠᠶᠠᠯᠭᠤ ᠵᠥᠭᠡᠯᠡᠨ ᠳᠦᠷᠡᠯᠵᠡᠭᠡᠳ
ᠲᠠᠭᠠᠷᠠᠬᠤ ᠶ᠋ᠢᠨ ᠵᠢᠪᠠᠷ ᠦᠭᠡᠢ ᠬᠣᠷᠸ᠎ᠠ ᠶᠤᠮ
ᠰᠡᠷᠭᠦᠯᠡᠩ ᠴᠡᠩᠬᠡᠷ ᠰᠠᠯᠬᠢᠨ ᠤ᠋ ᠠᠭᠠᠰᠢᠨ ᠳ᠋ᠠᠭᠠᠨ
ᠤᠳᠠ ᠶ᠋ᠢᠨ ᠭᠤᠨᠢᠭ ᠬᠡᠢᠰᠦᠨ ᠬᠡᠢᠰᠦᠯᠡ ᠳ᠋ᠠ
ᠳᠠᠭᠤᠯᠠᠬᠤ ᠶ᠋ᠢᠨ ᠰᠡᠳᠬᠢᠯ ᠤᠶᠠᠷᠠᠨ ᠳᠡᠪᠡᠷᠡᠭᠡᠳ
ᠤᠢᠳᠬᠤ ᠶ᠋ᠢᠨ ᠵᠢᠪᠠᠷ ᠦᠭᠡᠢ ᠬᠣᠷᠸ᠎ᠠ ᠶᠤᠮ
ᠡᠩᠬᠦᠷᠡᠢ ᠡᠩᠬᠦᠷᠡᠢᠬᠡᠨ ᠰᠠᠨᠠᠭᠳᠠᠨ᠎ᠠ ᠳ᠋ᠠ ᠬᠦ᠋
ᠡᠭᠡᠯ ᠦᠭᠡᠢ ᠭᠠᠭᠴᠠᠬᠠᠨ ᠠᠮᠠᠷᠠᠭ ᠮᠢᠨᠢ ᠳ᠋ᠠ
ᠡᠪ ᠦ᠋ᠨ ᠡᠨᠡᠬᠡᠨ ᠣᠷᠴᠢᠯᠠᠩ ᠳ᠋ᠤ᠌
ᠡᠭᠡᠰᠢᠭ ᠢ᠋ᠶ᠋ᠡᠷ ᠳᠡᠮᠨᠡᠭᠰᠡᠨ ᠴᠢ ᠮᠢᠨᠢ ᠳ᠋ᠠ
ᠵᠡᠭᠡᠰᠦᠨ ᠰᠣᠷᠮᠤᠤᠰᠤ ᠨᠢᠳᠦᠨ ᠲᠣᠭᠣᠷᠢᠮ ᠳ᠋ᠠᠭᠠᠨ
ᠵᠦᠢᠯ ᠦ᠋ᠨ ᠰᠢᠪᠠᠭᠤᠳ ᠳᠠᠭᠤᠯᠠᠨ ᠴᠢᠭᠤᠯᠤᠯᠠ
ᠵᠢᠮᠪᠦᠷ ᠦ᠋ᠨ ᠡᠭᠡᠰᠢᠭ ᠰᠡᠪᠡᠯᠵᠡᠭᠡᠳ
ᠵᠢᠩᠳᠡᠭᠡᠬᠦ ᠰᠠᠯᠬᠢ ᠦᠭᠡᠢ ᠬᠣᠷᠸ᠎ᠠ ᠶᠤᠮ
ᠡᠩᠬᠦᠷᠡᠢ ᠡᠩᠬᠦᠷᠡᠢᠬᠡᠨ ᠰᠠᠨᠠᠭᠳᠠᠨ᠎ᠠ ᠳ᠋ᠠ ᠬᠦ᠋
ᠡᠭᠡᠯ ᠦᠭᠡᠢ ᠭᠠᠭᠴᠠᠬᠠᠨ ᠠᠮᠠᠷᠠᠭ ᠮᠢᠨᠢ ᠳ᠋ᠠ
ᠡᠪ ᠦ᠋ᠨ ᠡᠨᠡᠬᠡᠨ ᠣᠷᠴᠢᠯᠠᠩ ᠳ᠋ᠤ᠌
ᠡᠭᠡᠰᠢᠭ ᠢ᠋ᠶ᠋ᠡᠷ ᠳᠡᠮᠨᠡᠭᠰᠡᠨ ᠴᠢ ᠮᠢᠨᠢ ᠳ᠋ᠠ
ᠡᠩᠬᠦᠷᠡᠢ ᠡᠩᠬᠦᠷᠡᠢᠬᠡᠨ ᠰᠠᠨᠠᠭᠳᠠᠨ᠎ᠠ ᠳ᠋ᠠ ᠬᠦ᠋
ᠡᠭᠡᠯ ᠦᠭᠡᠢ ᠭᠠᠭᠴᠠᠬᠠᠨ ᠠᠮᠠᠷᠠᠭ ᠮᠢᠨᠢ ᠳ᠋ᠠ
ᠡᠪ ᠦ᠋ᠨ ᠡᠨᠡᠬᠡᠨ ᠣᠷᠴᠢᠯᠠᠩ ᠳ᠋ᠤ᠌
ᠡᠭᠡᠰᠢᠭ ᠢ᠋ᠶ᠋ᠡᠷ ᠳᠡᠮᠨᠡᠭᠰᠡᠨ ᠴᠢ ᠮᠢᠨᠢ ᠳ᠋ᠠ
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
