ᠶᠠᠮᠠᠷ ᠶᠡᠬᠡ ᠬᠠᠢᠷ᠎ᠠ ᠪᠤᠢ-ᠴ᠂ ᠠᠯᠲᠠᠨᠲᠦ᠋ᠯᠬᠢᠭᠦᠷ Yamar ikh khair ve-Altantülkhüür Ямар их хайр вэ-Алтантүлхүүр
ᠶᠠᠮᠠᠷ ᠶᠡᠬᠡ ᠬᠠᠢᠷ᠎ᠠ ᠪᠤᠢ
ᠦᠭᠡ᠄ ᠴ᠂ ᠠᠯᠲᠠᠨᠲᠦ᠋ᠯᠬᠢᠭᠦᠷ
ᠠᠶ᠎ᠠ᠄ ᠱ᠂ ᠦᠯᠵᠡᠢᠪᠠᠶᠠᠷ
ᠳᠠᠭᠤᠴᠢᠨ᠄ ᠴ᠂ ᠠᠯᠲᠠᠨᠲᠦ᠋ᠯᠬᠢᠭᠦᠷ
ᠪᠤᠰᠤᠳ ᠤ᠋ᠨ ᠳᠤᠮᠳᠠ ᠢᠨᠢᠶᠡᠵᠦ ᠰᠠᠭᠤᠬᠤ ᠳ᠋ᠠᠭᠠᠨ ᠴᠤ᠌
ᠬᠠᠷᠠᠴᠠ ᠮᠢᠨᠢ ᠵᠠᠷᠢᠮ ᠳ᠋ᠠᠭᠠᠨ ᠭᠤᠨᠢᠭᠲᠠᠢ ᠪᠠᠢᠬᠤ ᠶ᠋ᠢ
ᠪᠤᠷᠤᠭᠤ ᠬᠠᠷᠠᠨ ᠬᠠᠶᠠᠭᠠᠨ ᠭᠣᠮᠣᠳᠠᠯᠠ ᠴᠤ᠌
ᠬᠠᠢᠷ᠎ᠠ ᠮᠢᠨᠢ ᠳᠣᠲᠣᠷ᠎ᠠ ᠪᠠᠨ ᠪᠦᠲᠦᠨ ᠪᠠᠢᠬᠤ ᠶ᠋ᠢ
ᠬᠡᠯᠡᠭᠡ ᠦᠭᠡᠢ ᠪᠠᠢᠬᠤ ᠳ᠋ᠤ᠌ ᠮᠡᠳᠡᠷᠡᠬᠦ ᠶᠤᠮ ᠴᠢ
ᠬᠡᠴᠢᠨᠡᠨ ᠠᠭᠤᠤ ᠬᠠᠢᠷ᠎ᠠ ᠶ᠋ᠢ ᠣᠯᠤᠭ᠎ᠠ ᠪᠤᠢ ᠪᠢ
ᠬᠠᠷᠠᠴᠠ ᠪᠠᠷ ᠢ᠋ᠶ᠋ᠠᠨ ᠠᠷᠭᠠᠳᠠᠭᠰᠠᠨ ᠦᠭᠡ ᠰᠢᠭ᠌ ᠴᠢᠨᠢ
ᠬᠠᠢᠷ᠎ᠠ ᠶ᠋ᠢ ᠲᠠᠨᠢ ᠳᠦᠭᠦᠷᠡᠩ ᠪᠠᠢᠯᠭᠠᠬᠤ ᠰᠠᠨ
ᠨᠠᠷᠠ ᠲᠠᠢ ᠡᠳᠦᠷ ᠬᠠᠮᠲᠤ ᠳ᠋ᠠᠭᠠᠨ ᠠᠯᠬᠤᠬᠤ ᠳ᠋ᠠᠭᠠᠨ ᠴᠤ᠌
ᠰᠡᠳᠬᠢᠯ ᠮᠢᠨᠢ ᠨᠢᠭᠡ ᠯᠡ ᠵᠢᠩᠳᠡᠭᠦᠬᠡᠨ ᠪᠠᠢᠬᠤ ᠶ᠋ᠢ
ᠨᠠᠷᠭᠢᠶᠠᠨ ᠪᠣᠯᠭᠠᠵᠤ ᠥᠪᠡᠷ ᠢ᠋ ᠪᠡᠨ ᠥᠮᠥᠭᠡᠷᠡᠯᠡ ᠴᠦ᠍
ᠵᠢᠷᠦᠬᠡᠨ ᠲᠦᠢᠳᠦᠨᠡ ᠭᠡᠮᠰᠢᠵᠦ ᠪᠠᠢᠬᠤ ᠶ᠋ᠢ
ᠶᠠᠷᠢᠭ᠎ᠠ ᠦᠭᠡᠢ ᠪᠠᠢᠬᠤ ᠳ᠋ᠤ᠌ ᠮᠡᠳᠡᠷᠡᠬᠦ ᠶᠤᠮ ᠴᠢ
ᠶᠠᠮᠠᠷ ᠠᠭᠤᠤ ᠬᠠᠢᠷ᠎ᠠ ᠶ᠋ᠢ ᠣᠯᠤᠭ᠎ᠠ ᠪᠤᠢ ᠪᠢ
ᠳᠠᠭᠤ ᠦᠭᠡᠢᠬᠡᠨ ᠳᠣᠭᠳᠣᠯᠤᠭᠰᠠᠨ ᠵᠢᠷᠦᠬᠡ ᠰᠢᠭ᠌
ᠳᠤᠷᠠᠯᠠᠯ ᠢ᠋ ᠲᠠᠨᠢ ᠳᠦᠭᠦᠷᠡᠩ ᠪᠠᠢᠯᠭᠠᠬᠤ ᠰᠠᠨ
ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠷᠯᠡᠵᠦ ᠵᠢᠷᠭᠠᠬᠤ ᠳ᠋ᠠᠭᠠᠨ ᠴᠤ᠌
ᠥᠷᠥᠴᠡᠨ ᠴᠠᠭᠠᠨ᠎ᠠ ᠪᠠᠨ ᠡᠵᠢ ᠶ᠋ᠢ ᠪᠡᠨ ᠦᠭᠡᠢᠯᠡᠬᠦ ᠶ᠋ᠢ
ᠬᠠᠪᠤᠷ ᠤ᠋ᠨ ᠰᠢᠪᠠᠭᠤᠳ ᠢ᠋ ᠤᠭᠲᠤᠨ ᠪᠠᠶᠠᠰᠬᠤ ᠳ᠋ᠠᠭᠠᠨ ᠴᠤ᠌
ᠬᠠᠨᠴᠤᠢ ᠳᠣᠲᠣᠷ᠎ᠠ ᠪᠠᠨ ᠨᠢᠯᠪᠤᠰᠤ ᠨᠢᠭᠤᠬᠤ ᠶ᠋ᠢ
ᠬᠡᠯᠡᠭᠡ ᠦᠭᠡᠢ ᠪᠠᠢᠬᠤ ᠳ᠋ᠤ᠌ ᠮᠡᠳᠡᠷᠡᠬᠦ ᠶᠤᠮ ᠴᠢ
ᠬᠡᠴᠢᠨᠡᠨ ᠠᠭᠤᠤ ᠬᠠᠢᠷ᠎ᠠ ᠶ᠋ᠢ ᠣᠯᠤᠭ᠎ᠠ ᠪᠤᠢ ᠪᠢ
ᠬᠠᠷᠠᠴᠠ ᠪᠠᠷ ᠢ᠋ᠶ᠋ᠠᠨ ᠠᠷᠭᠠᠳᠠᠭᠰᠠᠨ ᠦᠭᠡ ᠶᠤᠮ ᠴᠢᠨᠢ
ᠬᠠᠢᠷ᠎ᠠ ᠶ᠋ᠢ ᠲᠠᠨᠢ ᠳᠦᠭᠦᠷᠡᠩ ᠪᠠᠢᠯᠭᠠᠬᠤ ᠰᠠᠨ
ᠶᠠᠷᠢᠭ᠎ᠠ ᠦᠭᠡᠢ ᠪᠠᠢᠬᠤ ᠳ᠋ᠤ᠌ ᠮᠡᠳᠡᠷᠡᠬᠦ ᠶᠤᠮ ᠴᠢ
ᠶᠠᠮᠠᠷ ᠠᠭᠤᠤ ᠬᠠᠢᠷ᠎ᠠ ᠶ᠋ᠢ ᠣᠯᠤᠭ᠎ᠠ ᠪᠤᠢ ᠪᠢ
ᠳᠠᠭᠤ ᠦᠭᠡᠢᠬᠡᠨ ᠳᠣᠭᠳᠣᠯᠤᠭᠰᠠᠨ ᠵᠢᠷᠦᠬᠡ ᠰᠢᠭ᠌
ᠳᠤᠷᠠᠯᠠᠯ ᠢ᠋ ᠲᠠᠨᠢ ᠳᠦᠭᠦᠷᠡᠩ ᠪᠠᠢᠯᠭᠠᠬᠤ ᠰᠠᠨ
ᠳᠦᠭᠦᠷᠡᠩ ᠪᠠᠢᠯᠭᠠᠬᠤ ᠰᠠᠨ
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
