ᠲᠠᠪᠤᠨ ᠡᠷᠳᠡᠨᠢ ᠶ᠋ᠢᠨ ᠰᠦᠷᠦᠭ -ᠬᠢᠷᠠᠭᠤ Tavan erdniin süreg- KhyaruuТаван эрднийн сүрэг- Хяруу
ᠲᠠᠪᠤᠨ ᠡᠷᠳᠡᠨᠢ ᠶ᠋ᠢᠨ ᠰᠦᠷᠦᠭ
ᠦᠭᠡ᠄ ᠳ· ᠬᠠᠲᠠᠭᠤ
ᠠᠶ᠎ᠠ᠄ ᠱᠡᠷᠤᠡᠴᠢᠮᠩ
ᠳᠠᠭᠤᠴᠢᠨ᠄ ᠬᠢᠷᠠᠭᠤ
ᠪᠥᠭᠡᠷᠡᠭ ᠦ᠋ᠨ ᠢ᠋ᠶ᠋ᠡᠨ ᠵᠥᠭᠡᠯᠡᠨ ᠰᠤᠭᠤ ᠪᠠᠷ ᠪᠥᠭᠯᠡᠭᠦᠯᠵᠦ ᠲᠡᠰᠢᠳᠡᠭ ᠲᠡᠮᠡᠭᠡ ᠮᠢᠨᠢ
ᠪᠦᠬᠦᠨ ᠦ᠌ ᠪᠡᠨ ᠪᠦᠯᠢᠶᠡᠨ ᠢᠯᠴᠢ ᠪᠡᠷ ᠪᠦᠪᠡᠢᠯᠡᠵᠦ ᠶᠠᠪᠤᠳᠠᠭ ᠲᠡᠮᠡᠭᠡ ᠮᠢᠨᠢ
ᠠᠶᠠᠨ ᠤ᠋ ᠬᠣᠯᠠ ᠶ᠋ᠢᠨ ᠵᠠᠮ ᠢ᠋ ᠠᠯᠵᠢᠶᠠᠯ ᠦᠭᠡᠢ ᠳᠣᠭᠣᠯᠳᠠᠭ ᠲᠡᠮᠡᠭᠡ ᠮᠢᠨᠢ
ᠠᠴᠢᠶᠠᠨ ᠤ᠋ ᠪᠡᠷᠬᠡ ᠬᠦᠨᠳᠦ ᠶ᠋ᠢ ᠠᠵᠢᠭ ᠦᠭᠡᠢ ᠳᠠᠭᠠᠭᠠᠳᠠᠭ ᠲᠡᠮᠡᠭᠡ ᠮᠢᠨᠢ
ᠬᠤᠯᠤᠰᠤᠨ ᠤ᠋ ᠨᠠᠷᠢᠬᠠᠨ ᠬᠠᠭᠠᠯᠭ᠎ᠠ ᠪᠠᠷ ᠬᠣᠰᠢᠭᠤᠷᠠᠵᠤ ᠴᠤᠪᠤᠳᠠᠭ ᠦᠬᠡᠷ ᠮᠢᠨᠢ
ᠬᠣᠨᠣᠭ ᠤ᠋ᠨ ᠢ᠋ᠶ᠋ᠠᠨ ᠲᠣᠷᠭᠠᠨ ᠪᠡᠯᠴᠢᠭᠡᠷ ᠡᠴᠡ ᠮᠥᠭᠡᠷᠡᠵᠦ ᠢᠷᠡᠳᠡᠭ ᠦᠬᠡᠷ ᠮᠢᠨᠢ
ᠰᠠᠭᠠᠯᠢ ᠶ᠋ᠢᠨ ᠬᠢᠯᠭᠠᠰᠤᠨ ᠵᠠᠯᠠᠨ ᠳᠡᠭᠡᠷ᠎ᠡ ᠬᠡᠪᠢᠵᠦ ᠢᠪᠢᠯᠳᠡᠭ ᠦᠨᠢᠶ᠎ᠡ ᠮᠢᠨᠢ
ᠰᠦᠨ ᠦ᠌ ᠠᠷᠢᠭᠤᠨ ᠰᠢᠮ᠎ᠡ ᠪᠡᠷ ᠢᠪᠡᠭᠡᠵᠦ ᠠᠴᠢᠯᠠᠳᠠᠭ ᠦᠬᠡᠷ ᠮᠢᠨᠢ
ᠡᠵᠡᠨ ᠦ᠌ ᠪᠡᠨ ᠬᠡᠢᠮᠣᠷᠢ ᠰᠦᠯᠳᠡ ᠶ᠋ᠢ ᠡᠷᠭᠦᠵᠦ ᠳᠠᠪᠬᠢᠳᠠᠭ ᠮᠣᠷᠢ ᠮᠢᠨᠢ
ᠠᠨᠳᠠ ᠶ᠋ᠢᠨ ᠢ᠋ᠶ᠋ᠡᠨ ᠨᠠᠨᠳᠢᠨ ᠵᠢᠷᠤᠮ ᠢ᠋ ᠰᠠᠬᠢᠵᠤ ᠶᠠᠪᠤᠳᠠᠭ ᠮᠣᠷᠢ ᠮᠢᠨᠢ
ᠬᠤᠭᠤᠷ ᠤ᠋ᠨ ᠰᠢᠳᠢᠲᠦ ᠳᠣᠮᠣᠭ ᠢ᠋ ᠦᠦᠷᠰᠡᠵᠦ ᠬᠠᠢᠯᠠᠳᠠᠭ ᠮᠣᠷᠢ ᠮᠢᠨᠢ
ᠬᠣᠯᠠ ᠶ᠋ᠢᠨ ᠬᠠᠷᠭᠤᠢ ᠵᠠᠮ ᠢ᠋ ᠲᠣᠪᠴᠢᠯᠠᠵᠤ ᠢᠷᠡᠳᠡᠭ ᠮᠣᠷᠢ ᠮᠢᠨᠢ
ᠲᠠᠯ᠎ᠠ ᠶ᠋ᠢᠨ ᠠᠮᠢᠨ ᠰᠠᠬᠢᠭᠤᠰᠤ ᠪᠣᠯᠤᠭᠰᠠᠨ
ᠲᠩᠷᠢ ᠶ᠋ᠢᠨ ᠬᠡᠰᠡᠭ ᠲᠡᠢ ᠮᠠᠯ ᠮᠢᠨᠢ
ᠲᠠᠨ ᠤ᠋ ᠮᠠᠨ ᠤ᠋ ᠥᠮᠴᠢ ᠪᠣᠯᠤᠭᠰᠠᠨ
ᠲᠠᠪᠤᠨ ᠡᠷᠳᠡᠨᠢ ᠶ᠋ᠢᠨ ᠰᠦᠷᠦᠭ ᠮᠢᠨᠢ
ᠪᠡᠯᠴᠢᠭᠡᠷ ᠦ᠋ᠨ ᠢ᠋ᠶ᠋ᠡᠨ ᠵᠥᠭᠡᠯᠡᠨ ᠬᠥᠷᠥᠰᠥ ᠶ᠋ᠢ ᠪᠦᠷᠬᠦᠵᠦ ᠪᠡᠯᠴᠢᠳᠡᠭ ᠬᠣᠨᠢ ᠮᠢᠨᠢ
ᠲᠥᠯ ᠦ᠋ᠨ ᠢ᠋ᠶ᠋ᠡᠨ ᠤᠶᠠᠩᠭᠠᠨ ᠳᠠᠭᠤ ᠪᠠᠷ ᠪᠠᠶᠠᠰᠬᠠᠵᠤ ᠲᠣᠭᠲᠠᠳᠠᠭ ᠬᠣᠨᠢ ᠮᠢᠨᠢ
ᠬᠣᠲᠠᠨ ᠤ᠋ ᠪᠠᠨ ᠬᠣᠲᠣᠭᠣᠷ ᠬᠡᠪᠲᠡᠷᠢ ᠶ᠋ᠢ ᠴᠢᠮᠩᠯᠡᠵᠤ ᠬᠡᠪᠢᠳᠡᠭ ᠬᠣᠨᠢ ᠮᠢᠨᠢ
ᠣᠳᠣᠨ ᠤ᠋ ᠣᠯᠠᠨ ᠲᠣᠭ᠎ᠠ ᠪᠠᠷ ᠦᠷᠡᠵᠢᠵᠦ ᠥᠰᠳᠡᠭ ᠬᠣᠨᠢ ᠮᠢᠨᠢ
ᠬᠠᠳᠠᠨ ᠤ᠋ ᠪᠠᠨ ᠬᠠᠮᠤᠭ ᠪᠠᠷᠲᠠᠭ᠎ᠠ ᠶ᠋ᠢ ᠬᠠᠷᠠᠢᠵᠤ ᠲᠣᠭᠯᠠᠳᠠᠭ ᠢᠮᠠᠭ᠎ᠠ ᠮᠢᠨᠢ
ᠡᠷᠭᠢᠨ ᠦ᠌ ᠪᠡᠨ ᠳᠤᠯᠠᠭᠠᠨ ᠨᠥᠮᠥᠷᠢ ᠪᠡᠷ ᠢᠷᠭᠠᠯᠠᠵᠤ ᠬᠡᠪᠢᠳᠡᠭ ᠢᠮᠠᠭ᠎ᠠ ᠮᠢᠨᠢ
ᠬᠣᠲᠠᠨ ᠤ᠋ ᠰᠣᠳᠣᠨ ᠰᠦᠷᠦᠭ ᠢ᠋ᠶ᠋ᠡᠨ ᠮᠠᠩᠯᠠᠢᠯᠠᠵᠤ ᠶᠠᠪᠤᠳᠠᠭ ᠢᠮᠠᠭ᠎ᠠ ᠮᠢᠨᠢ
ᠰᠦᠨ ᠦ᠌ ᠴᠠᠭᠠᠨ ᠳᠡᠭᠡᠵᠢ ᠶ᠋ᠢ ᠪᠢᠯᠬᠠᠭᠤᠯᠵᠤ ᠥᠭᠳᠡᠭ ᠢᠮᠠᠭ᠎ᠠ ᠮᠢᠨᠢ
ᠲᠠᠯ᠎ᠠ ᠶ᠋ᠢᠨ ᠠᠮᠢᠨ ᠰᠠᠬᠢᠭᠤᠰᠤ ᠪᠣᠯᠤᠭᠰᠠᠨ
ᠲᠩᠷᠢ ᠶ᠋ᠢᠨ ᠬᠡᠰᠡᠭ ᠲᠡᠢ ᠮᠠᠯ ᠮᠢᠨᠢ
ᠲᠠᠨ ᠤ᠋ ᠮᠠᠨ ᠤ᠋ ᠥᠮᠴᠢ ᠪᠣᠯᠤᠭᠰᠠᠨ
ᠲᠠᠪᠤᠨ ᠡᠷᠳᠡᠨᠢ ᠶ᠋ᠢᠨ ᠰᠦᠷᠦᠭ ᠮᠢᠨᠢ
ᠲᠠᠪᠤᠨ ᠡᠷᠳᠡᠨᠢ ᠶ᠋ᠢᠨ ᠰᠦᠷᠦᠭ ᠮᠢᠨᠢ
ᠲᠠᠪᠤᠨ ᠡᠷᠳᠡᠨᠢ ᠶ᠋ᠢᠨ ᠰᠦᠷᠦᠭ ᠮᠢᠨᠢ
ᠦᠰᠦᠭ ᠠᠮᠢᠠᠭᠤᠯᠤᠬᠴᠢ᠄ ᠰᠡᠴᠡᠨᠭᠡᠷᠡᠯ
ᠦᠰᠦᠭ ᠬᠠᠲᠠᠭᠴᠢ᠄ ᠰᠡᠴᠡᠨᠭᠡᠷᠡᠯ
ᠬᠢᠨᠠᠭᠴᠢ ᠪᠠᠭᠰᠢ᠄ ᠠᠯᠲᠠᠨᠴᠡᠴᠡᠭ
