ᠡᠵᠢ ᠶ᠋ᠢᠨ ᠰᠢᠷᠭᠠᠯ ᠴᠠᠢ- ᠡᠩᠬᠡᠵᠤᠯᠠEejiin shargal tsai-enkhzulЭэжийн шаргал цай-энхзул
ᠡᠵᠢ ᠶ᠋ᠢᠨ ᠰᠢᠷᠭᠠᠯ ᠴᠠᠢ
ᠳᠠᠭᠤᠴᠢᠨ᠄ ᠡᠩᠬᠡᠵᠤᠯᠠ
ᠪᠤᠶᠠᠨ ᠬᠡᠰᠢᠭ ᠦ᠋ᠨ ᠥᠷᠭᠥᠭᠡ
ᠪᠤᠭᠤᠷᠤᠯ ᠳᠡᠭᠡᠳᠦᠰ ᠦ᠋ᠨ ᠢᠳᠡᠭᠡ
ᠬᠠᠲᠤᠨ ᠭᠠᠩᠭ᠎ᠠ ᠶ᠋ᠢᠨ ᠷᠠᠰᠢᠶᠠᠨ
ᠬᠠᠯᠠᠭᠤᠨ ᠭᠣᠯᠣᠮᠲᠠ ᠶ᠋ᠢᠨ ᠤᠮᠳᠠᠭᠠᠨ
ᠡᠴᠢᠭᠡ ᠶ᠋ᠢᠨ ᠭᠡᠷ ᠦ᠋ᠨ ᠲᠤᠯᠭᠠᠨ ᠤ᠋
ᠡᠵᠡᠨ ᠤᠯᠠᠭᠠᠨ ᠭᠠᠯ ᠳᠡᠭᠡᠷ᠎ᠡ
ᠡᠵᠢ ᠶ᠋ᠢᠨ ᠭᠠᠷ ᠠ᠋ᠴᠠ ᠳᠡᠯᠭᠡᠷᠡᠭᠰᠡᠨ
ᠳᠡᠭᠡᠵᠢ ᠶ᠋ᠢᠨ ᠰᠢᠷᠭᠠᠯ ᠴᠠᠢ ᠳᠠ
ᠬᠣᠷᠢᠨ ᠲᠠᠪᠤᠨ ᠤ᠋ ᠰᠠᠷ᠎ᠠ ᠰᠢᠭ᠋
ᠭᠠᠤᠯᠢᠨ ᠰᠢᠨᠠᠭ᠎ᠠ ᠪᠠᠷ ᠢ᠋ᠶ᠋ᠠᠨ ᠤᠳᠬᠤᠭᠠᠳ
ᠬᠣᠨᠢᠨ ᠲᠣᠭᠣᠭ᠎ᠠ ᠪᠠᠨ ᠳᠦᠭᠦᠷᠭᠡᠭᠡᠳ
ᠠᠢᠯᠴᠢᠨ ᠭᠡᠢᠴᠢᠨ ᠢ᠋ᠶ᠋ᠡᠨ ᠳᠠᠢᠯᠠᠭᠰᠠᠨ
ᠬᠠᠯᠬ᠎ᠠ ᠶ᠋ᠢᠨ ᠨᠠᠨᠳᠢᠨ ᠶᠣᠰᠣ ᠪᠠᠷ ᠢ᠋ᠶ᠋ᠠᠨ
ᠬᠣᠶᠠᠷ ᠭᠠᠷᠳᠠᠨ ᠪᠠᠷᠢᠳᠠᠭ
ᠡᠵᠢ ᠶ᠋ᠢᠨ ᠬᠠᠢᠷ᠎ᠠ ᠪᠠᠷ ᠰᠡᠳᠬᠢᠭᠰᠡᠨ
ᠡᠩᠬᠡ ᠯᠡ ᠮᠡᠨᠳᠦ ᠶ᠋ᠢᠨ ᠴᠠᠢ ᠳᠠ
ᠲᠣᠷᠭᠠᠨ ᠳᠤᠭᠤᠢ ᠲᠣᠭᠣᠨᠣᠨ ᠤ᠋
ᠳ᠋ᠠᠭᠠᠨ ᠳ᠋ᠤ᠌ ᠬᠦᠷᠲᠡᠯ᠎ᠡ ᠡᠷᠭᠦᠭᠡᠳ
ᠬᠣᠷᠢᠲᠠᠯ ᠰᠠᠷᠢᠳᠠᠭ ᠠ᠋ᠴᠠ ᠪᠠᠭᠤᠭ᠎ᠠ
ᠬᠦᠷᠬᠢᠷ᠎ᠡ ᠠᠳᠠᠯᠢ ᠰᠠᠮᠤᠷᠤᠭᠰᠠᠨ
ᠲᠦᠮᠡᠨ ᠣᠯᠠᠨ ᠠ᠋ᠴᠠ ᠡᠬᠢᠯᠡᠭᠡᠳ
ᠲᠥᠷᠥ ᠶ᠋ᠢᠨ ᠲᠡᠷᠢᠭᠦᠨ ᠤᠤᠭᠤᠭᠰᠠᠨ
ᠳᠠᠮ ᠲᠠᠢ ᠰᠢᠮ᠎ᠡ ᠲᠡᠢ ᠤᠭᠤᠷᠠᠭ
ᠳᠡᠯᠡᠬᠡᠢ ᠳ᠋ᠦ᠍ ᠪᠠᠢᠬᠤ ᠦᠭᠡᠢ ᠴᠠᠢ ᠳᠠ
ᠲᠦᠮᠡᠨ ᠣᠯᠠᠨ ᠠ᠋ᠴᠠ ᠡᠬᠢᠯᠡᠭᠡᠳ
ᠲᠥᠷᠥ ᠶ᠋ᠢᠨ ᠲᠡᠷᠢᠭᠦᠨ ᠤᠤᠭᠤᠭᠰᠠᠨ
ᠳᠠᠮ ᠲᠠᠢ ᠰᠢᠮ᠎ᠡ ᠲᠡᠢ ᠤᠭᠤᠷᠠᠭ
ᠳᠡᠯᠡᠬᠡᠢ ᠳ᠋ᠦ᠍ ᠪᠠᠢᠬᠤ ᠦᠭᠡᠢ ᠴᠠᠢ ᠳᠠ
᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
