ᠵᠢᠷᠦᠬᠡᠨ ᠡᠬᠡ ᠣᠷᠣᠨ -ᠡᠷᠳᠡᠨᠢᠴᠢᠮᠡᠭ Zürkhen eg oron-erdenchimgee Зүрхэн эг орон-эрдэнчимгээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠡᠬᠡ ᠣᠷᠣᠨ -ᠡᠷᠳᠡᠨᠢᠴᠢᠮᠡᠭ Zürkhen eg oron-erdenchimgee Зүрхэн эг орон-эрдэнчимгээ

ᠵᠢᠷᠦᠬᠡᠨ ᠡᠬᠡ ᠣᠷᠣᠨ -ᠡᠷᠳᠡᠨᠢᠴᠢᠮᠡᠭ Zürkhen eg oron-erdenchimgee Зүрхэн эг орон-эрдэнчимгээ

ᠠᠩᠭᠢᠯᠠᠯ:ᠳᠠᠭᠤᠤ ᠬᠥᠭᠵᠢᠮ
2026-01-14

614

ᠵᠢᠷᠦᠬᠡᠨ ᠡᠬᠡ ᠣᠷᠣᠨ


  ᠦᠭᠡ᠄ ᠰᠡᠴᠡᠨᠳᠠᠯᠠᠢ  
  ᠠᠶ᠎ᠠ᠄ ᠵᠠᠩ ᠴᠢᠶᠠᠨ ᠢ 
  ᠳᠠᠭᠤᠴᠢᠨ᠄  ᠡᠷᠳᠡᠨᠢᠴᠢᠮᠡᠭ  

ᠠᠭᠤᠳᠠᠮ ᠲᠠᠯ᠎ᠠ ᠨᠢ ᠤᠨᠢᠶᠠᠷᠲᠤᠭᠰᠠᠨ 
ᠤᠷᠲᠤ ᠶ᠋ᠢᠨ ᠳᠠᠭᠤᠨ ᠤ᠋ ᠤᠶᠠᠩᠭᠠᠲᠤ ᠡᠬᠡ ᠣᠷᠣᠨ 
ᠠᠭᠤᠯᠠᠰ ᠬᠠᠢᠷᠬᠠᠨ ᠵᠡᠭᠦᠷᠮᠡᠭᠯᠡᠭᠰᠡᠨ 
ᠤᠷᠤᠭ ᠤ᠋ᠨ ᠤᠷᠤᠭ ᠤ᠋ᠨ ᠤᠳᠤᠮᠲᠤ ᠡᠬᠡ ᠣᠷᠣᠨ 
ᠪᠣᠷᠣᠭᠠᠨ ᠬᠤᠷ᠎ᠠ ᠨᠢ ᠰᠡᠩᠰᠡᠷᠡᠭᠰᠡᠨ 
ᠪᠤᠮᠪᠠ ᠶ᠋ᠢᠨ ᠣᠷᠣᠨ ᠰᠢᠭ᠋ ᠪᠤᠷᠬᠠᠨ ᠡᠬᠡ ᠣᠷᠣᠨ 
ᠪᠣᠳᠣᠯ ᠰᠡᠳᠬᠢᠯ ᠳ᠋ᠦ᠍ ᠮᠢᠨᠢ ᠮᠥᠩᠬᠡᠷᠡᠭᠰᠡᠨ 
ᠪᠤᠭᠤᠷᠤᠯ ᠳᠡᠭᠡᠳᠦᠰ ᠦ᠋ᠨ ᠳᠠᠷᠬᠠᠨ ᠡᠬᠡ ᠣᠷᠣᠨ
ᠮᠥᠩᠬᠡ ᠶ᠋ᠢᠨ ᠲᠠᠭᠰᠢᠨ ᠡᠬᠡ ᠣᠷᠣᠨ
ᠮᠢᠨᠦ ᠮᠣᠩᠭᠣᠯ ᠤ᠋ᠨ ᠵᠢᠷᠦᠬᠡᠨ ᠡᠬᠡ ᠣᠷᠣᠨ

ᠵᠠᠭᠤᠨ ᠵᠠᠭᠤᠨ ᠢ᠋ᠶ᠋ᠠᠷ ᠴᠢᠳᠠᠭᠯᠠᠭᠰᠠᠨ 
ᠵᠤᠵᠠᠭᠠᠨ ᠲᠡᠦᠬᠡ ᠲᠡᠢ ᠠᠭᠤᠤ ᠡᠬᠡ ᠣᠷᠣᠨ
ᠦᠶ᠎ᠡ ᠶ᠋ᠢᠨ ᠦᠶ᠎ᠡ ᠳ᠋ᠦ᠍ ᠪᠡᠨ ᠥᠪᠯᠡᠭᠦᠯᠦᠭᠰᠡᠨ
ᠦᠨᠳᠦᠰᠦ ᠨᠢᠭᠡᠲᠡᠢ ᠠᠷᠢᠭᠤᠨ ᠡᠬᠡ ᠣᠷᠣᠨ
ᠮᠥᠩᠬᠡ ᠶ᠋ᠢᠨ ᠳᠠᠭᠰᠢᠨ ᠡᠬᠡ ᠣᠷᠣᠨ
ᠮᠢᠨᠦ ᠮᠣᠩᠭᠣᠯ ᠤ᠋ᠨ ᠵᠢᠷᠦᠬᠡᠨ ᠡᠬᠡ ᠣᠷᠣᠨ
ᠮᠢᠨᠦ ᠮᠣᠩᠭᠣᠯ ᠤ᠋ᠨ ᠵᠢᠷᠦᠬᠡᠨ ᠡᠬᠡ ᠣᠷᠣᠨ

  ᠦᠰᠦᠭ ᠠᠮᠢᠯᠠᠭᠤᠯᠤᠭᠴᠢ᠄ ᠪᠠᠢ· ᠰᠠᠷᠠᠨ᠎ᠠ
  ᠦᠰᠦᠭ ᠬᠠᠳᠠᠭᠴᠢ᠄ ᠪᠠᠢ· ᠰᠠᠷᠠᠨ᠎ᠠ