ᠨᠠᠰᠤᠨ ᠤ᠋ ᠭᠠᠭᠴᠠ ᠨᠤᠲᠤᠭ-ᠪ ᠡᠩᠬᠡᠲᠠᠢᠪᠤᠩNasny gagts nutag- B Enkhtaivan Насны гагц нутаг- Б Энхтайван ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠰᠤᠨ ᠤ᠋ ᠭᠠᠭᠴᠠ ᠨᠤᠲᠤᠭ-ᠪ ᠡᠩᠬᠡᠲᠠᠢᠪᠤᠩNasny gagts nutag- B Enkhtaivan Насны гагц нутаг- Б Энхтайван

ᠨᠠᠰᠤᠨ ᠤ᠋ ᠭᠠᠭᠴᠠ ᠨᠤᠲᠤᠭ-ᠪ ᠡᠩᠬᠡᠲᠠᠢᠪᠤᠩNasny gagts nutag- B Enkhtaivan Насны гагц нутаг- Б Энхтайван

ᠠᠩᠭᠢᠯᠠᠯ:ᠳᠠᠭᠤᠤ ᠬᠥᠭᠵᠢᠮ
2026-01-12

399

ᠨᠠᠰᠤᠨ ᠤ᠋ ᠭᠠᠭᠴᠠ ᠨᠤᠲᠤᠭ


         ᠦᠭᠡ᠄ ᠲᠠᠯ᠎ᠠ ᠪᠢᠴᠢᠭᠡᠴᠢ᠄ ᠳ· ᠵᠢᠷᠭᠠᠯᠰᠠᠢᠬᠠᠨ    
         ᠠᠶ᠎ᠠ᠄ ᠲᠠᠯ᠎ᠠ ᠪᠢᠴᠢᠭᠡᠴᠢ᠄ ᠳ· ᠵᠢᠷᠭᠠᠯᠰᠠᠢᠬᠠᠨ   
         ᠳᠠᠭᠤᠴᠢᠨ᠄ ᠤ᠋ ᠡᠩᠬᠡᠲᠠᠢᠪᠤᠩ 
   ᠨᠠᠷᠠᠨ ᠤ᠋ ᠭᠢᠯᠪᠠᠭᠠᠨ ᠳ᠋ᠤ᠌ ᠠᠯᠳᠠᠷᠠᠭᠰᠠᠨ 
   ᠨᠠᠯᠠᠭᠠᠷ ᠰᠢᠷᠭᠠᠯ ᠬᠥᠨᠳᠡᠢ ᠮᠢᠨᠢ 
   ᠨᠠᠢᠭᠤᠬᠤ ᠲᠠᠷᠢᠶ᠎ᠠ ᠰᠢᠭ᠋ ᠰᠢᠵᠢᠷᠲᠦᠭᠰᠡᠨ 
   ᠨᠠᠮᠬᠠᠨ ᠳᠥᠩᠭᠡ ᠶ᠋ᠢᠨ ᠥᠩᠭᠡ ᠤᠤ ᠳᠠ 
   ᠨᠠᠰᠤᠨ ᠤ᠋ ᠭᠠᠭᠴᠠ ᠨᠤᠲᠤᠭ ᠲᠤ᠌ ᠮᠢᠨᠢ 
   ᠨᠠᠮᠤᠷ ᠪᠣᠯᠬᠤ ᠨᠢ ᠡᠨᠡ ᠤᠤ ᠳᠠ 
   ᠨᠠᠭᠠᠳᠴᠤ ᠥᠰᠦᠭᠰᠡᠨ ᠳᠡᠨᠵᠢ ᠪᠡᠨ 
   ᠨᠢᠯᠬᠠᠷᠠᠵᠤ ᠰᠠᠨᠠᠭᠰᠠᠨ ᠰᠡᠳᠬᠢᠯ ᠤᠤ ᠳᠠ
    ᠪᠢᠳᠡᠷᠲᠦ ᠴᠠᠭᠠᠨ ᠮᠠᠨᠠᠨ ᠲᠠᠢ
   ᠪᠢᠰᠢᠷᠡᠯᠲᠦ ᠸᠠᠩ ᠤ᠋ᠨ ᠨᠤᠲᠤᠭ ᠮᠢᠨᠢ
   ᠬᠣᠷᠭᠣᠢ ᠲᠣᠷᠭ᠎ᠠ ᠰᠢᠭ᠋ ᠬᠡᠭᠡᠳᠦᠭᠰᠡᠨ
   ᠬᠣᠩᠭᠣᠷ ᠰᠢᠷᠭᠠᠯ ᠥᠩᠭᠡ ᠲᠡᠢ ᠳᠡ
   ᠨᠠᠰᠤᠨ ᠤ᠋ ᠭᠠᠭᠴᠠ ᠨᠤᠲᠤᠭ ᠲᠤ᠌ ᠮᠢᠨᠢ
   ᠨᠠᠮᠤᠷ ᠪᠣᠯᠬᠤ ᠨᠢ ᠡᠨᠡ ᠤᠤ ᠳᠠ
   ᠨᠠᠭᠠᠳᠴᠤ ᠥᠰᠦᠭᠰᠡᠨ ᠳᠡᠨᠵᠢ ᠪᠡᠨ
   ᠨᠢᠯᠬᠠᠷᠠᠵᠤ ᠰᠠᠨᠠᠭᠰᠠᠨ ᠰᠡᠳᠬᠢᠯ ᠤᠤ ᠳᠠ
   ᠠᠪᠤ ᠯᠠ ᠡᠵᠢ ᠪᠡᠨ ᠰᠠᠨᠠᠬᠤ ᠪᠠᠷ ᠢ᠋ᠶ᠋ᠠᠨ
   ᠠᠯᠤᠰ ᠠ᠋ᠴᠠ ᠨᠤᠲᠤᠭ ᠢ᠋ᠶ᠋ᠠᠨ ᠵᠣᠷᠢᠨ᠎ᠠ ᠪᠢ
   ᠨᠤᠲᠤᠭ ᠤ᠋ᠨ ᠪᠠᠷ᠎ᠠ ᠦᠵᠡᠭᠳᠡᠬᠦ ᠳ᠋ᠦ᠍
   ᠨᠢᠯᠪᠤᠰᠤ ᠪᠠᠨ ᠲᠣᠭᠲᠠᠭᠠᠵᠤ ᠳᠡᠢᠯᠬᠦ ᠦᠭᠡᠢ ᠳᠡ
   ᠨᠠᠰᠤᠨ ᠤ᠋ ᠭᠠᠭᠴᠠ ᠨᠤᠲᠤᠭ ᠲᠤ᠌ ᠮᠢᠨᠢ
   ᠨᠠᠮᠤᠷ ᠪᠣᠯᠬᠤ ᠨᠢ ᠡᠨᠡ ᠤᠤ ᠳᠠ
   ᠨᠠᠭᠠᠳᠴᠤ ᠥᠰᠦᠭᠰᠡᠨ ᠳᠡᠨᠵᠢ ᠪᠡᠨ
   ᠨᠢᠯᠬᠠᠷᠠᠵᠤ ᠰᠠᠨᠠᠭᠰᠠᠨ ᠰᠡᠳᠬᠢᠯ ᠤᠤ ᠳᠠ
   ᠶᠠᠪᠤᠭᠰᠠᠨ ᠬᠦᠦ ᠨᠢ ᠡᠷᠭᠢᠭᠡᠳ ᠢᠷᠡᠨ᠎ᠡ
   ᠶᠠᠪᠠᠷ ᠳᠠᠪᠠᠭᠠᠳ ᠳᠠᠭᠤᠯᠠᠭᠠᠳ ᠣᠴᠢᠨ᠎ᠠ
   ᠪᠤᠭᠤᠷᠤᠯ ᠡᠪᠦᠭᠡᠳ ᠮᠢᠨᠢ ᠠᠮᠤᠷ ᠰᠠᠢᠨ ᠤᠤ
   ᠪᠠᠭᠤᠵᠤ ᠯᠠ ᠲᠣᠰᠤᠭᠠᠳ ᠵᠣᠯᠭᠠᠶ᠎ᠠ
   ᠨᠠᠰᠤᠨ ᠤ᠋ ᠭᠠᠭᠴᠠ ᠨᠤᠲᠤᠭ ᠲᠤ᠌ ᠮᠢᠨᠢ
   ᠨᠠᠮᠤᠷ ᠪᠣᠯᠬᠤ ᠨᠢ ᠡᠨᠡ ᠤᠤ ᠳᠠ
   ᠨᠠᠭᠠᠳᠴᠤ ᠥᠰᠦᠭᠰᠡᠨ ᠳᠡᠨᠵᠢ ᠪᠡᠨ
   ᠨᠢᠯᠬᠠᠷᠠᠵᠤ ᠰᠠᠨᠠᠭᠰᠠᠨ ᠰᠡᠳᠬᠢᠯ ᠤᠤ ᠳᠠ
   ᠵᠣᠷᠢᠭᠠᠳ ᠢᠷᠡᠭᠰᠡᠨ ᠰᠡᠳᠬᠢᠯ ᠦ᠋ᠨ ᠢ᠋ᠶ᠋ᠡᠨ
   ᠢᠷᠦᠭᠡᠯ ᠲᠡᠢ ᠮᠡᠨᠳᠦ ᠳ᠋ᠦ᠍ ᠳᠡᠯᠭᠡᠭᠡᠳ ᠵᠣᠯᠭᠠᠶ᠎ᠠ ᠳᠠ

     ᠦᠰᠦᠭ  ᠠᠮᠢᠯᠠᠭᠤᠯᠤᠭᠠᠴᠢ᠄ ᠪᠦᠷᠢᠨᠵᠢᠷᠭᠠᠯ
     ᠦᠰᠦᠭ ᠬᠠᠲᠠᠭᠴᠢ᠄ ᠪᠦᠷᠢᠨᠵᠢᠷᠭᠠᠯ
     ᠬᠢᠨᠠᠭᠴᠢ ᠪᠠᠭᠰᠢ᠄ ᠡᠷᠳᠡᠨᠢᠪᠢᠯᠢᠭ· ᠣᠳᠬᠤᠩᠬᠤᠸᠠᠷ