ᠠᠯᠤᠰ ᠲᠤ᠌ ᠰᠠᠭᠤᠭ᠎ᠠ ᠡᠵᠢ -ᠠᠭᠤᠳᠠᠮAlsad suugaa eej-UudamАлсад суугаа ээж-Уудам
ᠠᠯᠤᠰ ᠲᠤ᠌ ᠰᠠᠭᠤᠭ᠎ᠠ ᠡᠵᠢ
ᠰᠢᠯᠦᠭ᠄ ᠲ᠂ ᡀᠬᠠᠪᠠᠰᠥ᠋ᠷᠦᠩ
ᠠᠶ᠎ᠠ᠄ ᠠ᠊ ᠲᠡᠭᠦᠰᠵᠢᠷᠭᠠᠯ
ᠳᠠᠭᠤᠴᠢᠨ᠄ ᠠᠭᠤᠳᠠᠮ
ᠰᠦᠮᠡᠢᠬᠦ ᠵᠡᠷᠭᠡᠯᠭᠡᠨ ᠳ᠋ᠦ᠍ ᠭᠡᠭᠡ ᠠᠨᠢᠷᠯᠠᠭᠠᠳ
ᠰᠦᠰᠦᠭᠯᠡᠬᠦ ᠶ᠋ᠢᠨ ᠡᠷᠬᠡᠨ ᠳ᠋ᠦ᠍ ᠡᠵᠢ ᠮᠢᠨᠢ ᠪᠣᠳᠣᠭᠳᠠᠨ᠎ᠠ
ᠬᠦᠦ ᠪᠡᠨ ᠢᠷᠡᠨ᠎ᠡ ᠭᠡᠳ ᠰᠦ ᠪᠡᠨ ᠡᠷᠭᠦᠭᠡᠳ
ᠬᠦᠰᠡᠯ ᠢ᠋ᠶ᠋ᠡᠨ ᠴᠢᠯᠡᠲᠡᠯ᠎ᠡ ᠠᠯᠤᠰᠢ ᠰᠢᠷᠲᠡᠳᠡᠭ
ᠠᠯᠤᠰ ᠲᠤ᠌ ᠰᠠᠭᠤᠭ᠎ᠠ ᠡᠵᠢ ᠮᠢᠨᠢ
ᠠᠮᠢᠨ ᠬᠠᠢᠷᠠᠲᠠᠢ ᠰᠢᠲᠦᠭᠡᠨ ᠮᠢᠨᠢ ᠪᠢᠯᠡ
ᠵᠠᠳᠠᠭᠠᠢ ᠲᠩᠷᠢ ᠳ᠋ᠦ᠍ ᠡᠭᠦᠯᠡ ᠨᠢ ᠵᠠᠮᠬᠠᠷᠠᠯ᠎ᠠ
ᠵᠠᠯᠪᠠᠷᠢᠬᠤ ᠶ᠋ᠢᠨ ᠡᠷᠬᠡᠨ ᠳ᠋ᠦ᠍ ᠡᠵᠢ ᠮᠢᠨᠢ ᠪᠣᠳᠣᠭᠳᠠᠨ᠎ᠠ
ᠠᠷᠭᠠᠯ ᠤ᠋ᠨ ᠴᠣᠭ ᠲᠤ᠌ ᠪᠠᠨ ᠴᠠᠢ ᠪᠠᠨ ᠪᠦᠯᠢᠶᠡᠯᠡᠵᠦ
ᠠᠨᠢᠰᠬ᠎ᠠ ᠪᠠᠨ ᠴᠢᠯᠡᠲᠡᠯ᠎ᠡ ᠠᠯᠤᠰᠢ ᠰᠢᠷᠳᠡᠳᠡᠭ
ᠠᠯᠤᠰ ᠲᠤ᠌ ᠰᠠᠭᠤᠭ᠎ᠠ ᠡᠵᠢ ᠮᠢᠨᠢ
ᠠᠮᠢᠨ ᠬᠠᠢᠷᠠᠲᠠᠢ ᠰᠢᠲᠦᠭᠡᠨ ᠮᠢᠨᠢ ᠪᠢᠯᠡ
ᠬᠥᠬᠡᠷᠡᠬᠦ ᠠᠭᠤᠯᠠᠰ ᠨᠢ ᠬᠥᠭᠯᠡᠷᠡᠵᠦ ᠬᠠᠷᠠᠭᠳᠠᠨ᠎ᠠ
ᠬᠦᠦ ᠶ᠋ᠢᠨ ᠲᠠᠨᠢ ᠰᠡᠳᠬᠢᠯ ᠳ᠋ᠦ᠍ ᠭᠡᠭᠡᠯᠵᠡᠭᠡᠳ ᠪᠠᠢᠨ᠎ᠠ
ᠬᠥᠮᠦᠨ ᠦ᠌ ᠵᠡᠷᠭᠡ ᠳ᠋ᠦ᠍ ᠬᠦᠦ ᠴᠢᠨᠢ ᠶᠠᠪᠤᠨ᠎ᠠ
ᠬᠦᠰᠡᠯᠢ ᠴᠢᠨᠢ ᠪᠡᠶᠡᠯᠡᠭᠦᠯᠦᠭᠡᠳ ᠶᠠᠪᠤᠭᠠᠳ ᠣᠴᠢᠨ᠎ᠠ ᠳᠠ
ᠠᠯᠤᠰ ᠲᠤ᠌ ᠰᠠᠭᠤᠭ᠎ᠠ ᠡᠵᠢ ᠮᠢᠨᠢ
ᠠᠮᠢᠨ ᠬᠠᠢᠷᠠᠲᠠᠢ ᠰᠢᠲᠦᠭᠡᠨ ᠮᠢᠨᠢ ᠪᠢᠯᠡ
ᠠᠯᠤᠰ ᠲᠤ᠌ ᠰᠠᠭᠤᠭ᠎ᠠ ᠡᠵᠢ ᠮᠢᠨᠢ
ᠠᠮᠢᠨ ᠬᠠᠢᠷᠠᠲᠠᠢ ᠰᠢᠲᠦᠭᠡᠨ ᠮᠢᠨᠢ ᠪᠢᠯᠡ
ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ
