ᠪᠣᠲᠣᠭᠣᠨ ᠨᠢᠯᠪᠤᠰᠤ- ᠯ· ᠪᠣᠯᠣᠳᠪᠠᠭᠠᠲᠤᠷBotgon nulims- L·BoldbaatarБотгон нулимс- Л·Болдбаатар
ᠪᠣᠲᠣᠭᠣᠨ ᠨᠢᠯᠪᠤᠰᠤ
ᠦᠭᠡ᠄ ᠯ· ᠳᠠᠰᠢᠨᠢᠮ᠎ᠠ
ᠠᠶ᠎ᠠ᠄ ᠨ· ᠵᠠᠩᠴᠢᠨ᠌ᠨᠣᠷᠪᠤ
ᠳᠠᠭᠤᠴᠢᠨ᠄ ᠯ· ᠪᠣᠯᠣᠳᠪᠠᠭᠠᠲᠤᠷ
ᠪᠣᠷᠣ ᠪᠣᠷᠣᠬᠠᠨ ᠪᠤᠷᠭᠠᠰᠤ ᠨᠢ ᠪᠣᠯᠪᠠᠯ ᠳᠠ ᠬᠦ
ᠪᠣᠳᠣᠯ ᠤ᠋ᠨ ᠳᠤᠮᠳᠠ ᠠ᠋ᠴᠠ ᠤᠷᠭᠤᠨ᠎ᠠ ᠳᠠ ᠬᠦ
ᠪᠣᠲᠣᠭᠣᠨ ᠪᠣᠲᠣᠭᠣᠨ ᠨᠢᠯᠪᠤᠰᠤ ᠪᠠᠨ
ᠡᠵᠢ ᠶ᠋ᠢ ᠪᠡᠨ ᠰᠠᠨᠠᠭᠠᠳ ᠤᠨᠠᠭᠠᠨ᠎ᠠ ᠳᠠ ᠬᠦ
ᠵᠦᠩ ᠵᠦᠩ ᠦ᠋ᠨ ᠬᠣᠯᠠ ᠠ᠋ᠴᠠ ᠨᠢ ᠪᠣᠯᠪᠠᠯ ᠳᠠ ᠬᠦ
ᠵᠡᠭᠦᠳᠦ ᠪᠡᠨ ᠮᠠᠨᠠᠭᠰᠠᠭᠠᠷ ᠢᠷᠡᠯ᠎ᠡ ᠳᠠ ᠬᠦ
ᠵᠦᠢᠷᠯᠡᠭᠡᠳ ᠵᠦᠢᠷᠯᠡᠭᠡᠳ ᠪᠠᠷᠠᠰᠢ ᠦᠭᠡᠢ
ᠵᠢᠷᠦᠬᠡᠨ ᠡᠴᠡ ᠤᠶᠠᠭᠠᠲᠠᠢ ᠨᠤᠲᠤᠭ ᠮᠢᠨᠢ ᠳᠡ ᠬᠦ
ᠵᠦᠢᠷᠯᠡᠭᠡᠳ ᠵᠦᠢᠷᠯᠡᠭᠡᠳ ᠪᠠᠷᠠᠰᠢ ᠦᠭᠡᠢ
ᠵᠢᠷᠦᠬᠡᠨ ᠡᠴᠡ ᠤᠶᠠᠭᠠᠲᠠᠢ ᠨᠤᠲᠤᠭ ᠮᠢᠨᠢ ᠳᠡ ᠬᠦ
ᠡᠶ᠎ᠡ ᠡᠶᠡᠬᠡᠨ ᠪᠤᠷᠭᠠᠰᠤ ᠨᠢ ᠪᠣᠯᠪᠠᠯ ᠳᠠ ᠬᠦ
ᠡᠷᠭᠢ ᠪᠡᠨ ᠳᠠᠭᠠᠭᠠᠳ ᠤᠷᠭᠤᠨ᠎ᠠ ᠬᠦ
ᠡᠷᠭᠢᠭᠡᠳ ᠡᠷᠭᠢᠭᠡᠳ ᠣᠯᠳᠠᠬᠤ ᠦᠭᠡᠢ
ᠡᠵᠢ ᠠᠪᠤ ᠪᠠᠨ ᠳᠤᠷᠠᠰᠤᠨ᠎ᠠ ᠳᠠ ᠬᠦ
ᠪᠣᠷᠣ ᠪᠣᠷᠣᠬᠠᠨ ᠨᠢᠯᠪᠤᠰᠤ ᠨᠢ ᠪᠣᠯᠪᠠᠯ ᠳᠠ ᠬᠦ
ᠬᠥᠮᠦᠨ ᠦ᠌ ᠦᠷ᠎ᠡ ᠶ᠋ᠢᠨ ᠤᠬᠠᠭᠠᠷᠠᠯ ᠶᠤᠮ ᠳᠠ ᠬᠦ
ᠪᠤᠭᠤᠷᠤᠯ ᠪᠤᠭᠤᠷᠤᠯ ᠤᠯᠤᠰ ᠮᠢᠨᠢ ᠳᠡ ᠬᠦ
ᠡᠵᠢ ᠠᠪᠤ ᠬᠣᠶᠠᠷ ᠶᠤᠮ ᠳᠠ ᠬᠦ
ᠪᠤᠭᠤᠷᠤᠯ ᠪᠤᠭᠤᠷᠤᠯ ᠤᠯᠤᠰ ᠮᠢᠨᠢ ᠳᠡ ᠬᠦ
ᠡᠵᠢ ᠠᠪᠤ ᠬᠣᠶᠠᠷ ᠶᠤᠮ ᠳᠠ ᠬᠦ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
