ᠠᠮᠤᠷ ᠮᠡᠨᠳᠦ ᠶ᠋ᠢᠨ ᠳᠠᠭᠤᠤ -ᠬᠤᠷᠳᠤ ᠬᠠᠮᠲᠤᠯᠢᠭАмар мэндийн дуу-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠷ ᠮᠡᠨᠳᠦ ᠶ᠋ᠢᠨ ᠳᠠᠭᠤᠤ -ᠬᠤᠷᠳᠤ ᠬᠠᠮᠲᠤᠯᠢᠭАмар мэндийн дуу-Хурд хамтлаг

ᠠᠮᠤᠷ ᠮᠡᠨᠳᠦ ᠶ᠋ᠢᠨ ᠳᠠᠭᠤᠤ -ᠬᠤᠷᠳᠤ ᠬᠠᠮᠲᠤᠯᠢᠭАмар мэндийн дуу-Хурд хамтлаг

ᠠᠩᠭᠢᠯᠠᠯ:ᠳᠠᠭᠤᠤ ᠬᠥᠭᠵᠢᠮ
2026-01-09

654

ᠠᠮᠤᠷ ᠮᠡᠨᠳᠦ ᠶ᠋ᠢᠨ ᠳᠠᠭᠤᠤ


       ᠦᠭᠡ᠄ ᠪ· ᠭᠠᠩᠬᠦᠷᠡᠯ 
       ᠠᠶ᠎ᠠ᠄ ᠳ· ᠣᠳᠬᠣᠨᠪᠠᠶᠠᠷ 
       ᠬᠤᠷᠳᠤ ᠬᠠᠮᠲᠤᠯᠢᠭ ᠳᠠᠭᠤᠯᠠᠨ᠎ᠠ 

ᠠᠮᠤᠷ ᠪᠠᠢᠨ᠎ᠠ ᠤᠤ ᠭᠡᠵᠦ ᠠᠪᠤ ᠲᠠᠢ ᠪᠠᠨ ᠪᠢ ᠵᠣᠯᠭᠠᠨ᠎ᠠ 
ᠠᠮᠤᠷ ᠰᠠᠢᠨ ᠤᠤ ᠭᠡᠵᠦ ᠡᠵᠢ ᠮᠢᠨᠢ ᠨᠠᠮ᠎ᠠ ᠶ᠋ᠢ ᠦᠨᠦᠰᠦᠨ᠎ᠡ 
ᠤᠷᠠᠯᠠᠵᠤ ᠣᠶᠣᠭᠰᠠᠨ ᠳᠡᠪᠡᠯ ᠢ᠋ᠶ᠋ᠡᠷ ᠢ᠋ᠶ᠋ᠡᠨ ᠪᠢ ᠭᠤᠶᠤᠭᠠᠳ 
ᠤᠷᠭᠤᠬᠤ ᠨᠠᠷᠠ ᠶ᠋ᠢ ᠤᠭᠲᠤᠨ ᠲᠤᠰᠬᠤ ᠰᠠᠢᠬᠠᠨ 

ᠬᠡᠢᠮᠣᠷᠢ ᠪᠠᠨ ᠰᠡᠷᠭᠦᠭᠡᠭᠰᠡᠨ ᠬᠠᠢᠷᠬᠠᠨ ᠠᠭᠤᠯᠠ ᠪᠠᠨ ᠰᠢᠲᠦᠶ᠎ᠡ 
ᠬᠠᠢᠷᠠᠲᠠᠢ ᠨᠤᠲᠤᠭ ᠤ᠋ᠨ ᠬᠢᠨ ᠵᠤᠨ ᠣᠯᠠᠨ ᠢ᠋ᠶ᠋ᠠᠷ ᠢ᠋ᠶ᠋ᠠᠨ ᠬᠤᠷᠤᠢᠯᠠᠨ᠎ᠠ 
ᠮᠠᠯ ᠰᠦᠷᠦᠭ ᠨᠠᠯᠠᠢᠵᠤ ᠰᠢᠨᠳᠠᠰᠤᠲᠤ ᠬᠦᠯᠦᠭ ᠨᠢ ᠬᠤᠷᠳᠤᠯᠠᠭᠰᠠᠨ 
ᠮᠢᠨᠦ ᠠᠷᠠᠳ ᠤ᠋ᠨ ᠠᠶᠠᠯᠭᠤᠲᠤ ᠳᠠᠭᠤᠤ ᠡᠭᠡᠰᠢᠭᠯᠡᠨ᠎ᠡ 

ᠠᠮᠤᠷ ᠪᠠᠢᠨ᠎ᠠ ᠤᠤ ᠮᠡᠨᠳᠦ ᠶ᠋ᠢᠨ ᠬᠠᠳᠠᠭ ᠢ᠋ᠶ᠋ᠠᠨ ᠳᠡᠯᠭᠡᠶ᠎ᠡ 
ᠮᠥᠩᠬᠡ ᠶ᠋ᠢᠨ ᠠᠷᠢᠭᠤᠨ ᠶᠣᠰᠣ ᠪᠠᠨ ᠳᠡᠭᠡᠳᠦᠯᠡᠨ᠎ᠡ
ᠠᠰᠢᠳᠠ ᠶ᠋ᠢᠨ ᠢᠷᠦᠭᠡᠯ ᠢ᠋ᠶ᠋ᠡᠷ ᠬᠥᠬᠦᠦᠷ ᠢ᠋ᠶ᠋ᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ

ᠠᠮᠤᠷ ᠪᠠᠢᠨ᠎ᠠ ᠤᠤ ᠮᠡᠨᠳᠦ ᠶ᠋ᠢᠨ ᠬᠠᠳᠠᠭ ᠢ᠋ᠶ᠋ᠠᠨ ᠳᠡᠯᠭᠡᠶ᠎ᠡ
ᠠᠪᠤ ᠡᠵᠢ ᠡᠯᠢᠭᠡᠨ ᠲᠦᠮᠡᠨ ᠲᠡᠢ ᠪᠡᠨ ᠠᠭᠤᠯᠵᠠᠬᠤ ᠰᠠᠢᠬᠠᠨ
ᠠᠰᠢᠳᠠ ᠶ᠋ᠢᠨ ᠢᠷᠦᠭᠡᠯ ᠢ᠋ᠶ᠋ᠡᠷ ᠬᠥᠬᠦᠦᠷ ᠢ᠋ᠶ᠋ᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ

ᠰᠡᠳᠬᠢᠯ ᠬᠥᠭᠯᠡᠭᠰᠡᠨ ᠲᠠᠯ᠎ᠠ ᠨᠤᠲᠤᠭ ᠳᠤ ᠪᠠᠨ ᠣᠴᠢᠶ᠎ᠠ
ᠰᠠᠨᠠᠭ᠎ᠠ ᠪᠣᠳᠣᠯ ᠤ᠋ᠨ ᠢ᠋ᠶ᠋ᠠᠨ ᠬᠤᠷ᠎ᠠ ᠶ᠋ᠢ ᠲᠠᠢᠯᠤᠨ ᠲᠠᠢᠳᠬᠤᠷᠠᠨ᠎ᠠ
ᠬᠥᠷ ᠪᠠᠶᠠᠷ ᠴᠠᠯᠭᠢᠵᠤ ᠡᠭᠡᠯ ᠠᠷᠠᠳ ᠮᠢᠨᠢ ᠤᠶᠠᠷᠠᠭᠰᠠᠨ
ᠬᠠᠢᠷᠠᠲᠠᠢ ᠨᠤᠲᠤᠭ ᠤ᠋ᠨ ᠢ᠋ᠶ᠋ᠠᠨ ᠡᠪᠦᠷ ᠲᠦ᠍ ᠨᠢ ᠵᠢᠷᠭᠠᠬᠤ ᠰᠠᠢᠬᠠᠨ

ᠠᠮᠤᠷ ᠪᠠᠢᠨ᠎ᠠ ᠤᠤ ᠮᠡᠨᠳᠦ ᠶ᠋ᠢᠨ ᠬᠠᠳᠠᠭ ᠢ᠋ᠶ᠋ᠠᠨ ᠳᠡᠯᠭᠡᠶ᠎ᠡ
ᠮᠥᠩᠬᠡ ᠶ᠋ᠢᠨ ᠠᠷᠢᠭᠤᠨ ᠶᠣᠰᠣ ᠪᠠᠨ ᠳᠡᠭᠡᠳᠦᠯᠡᠨ᠎ᠡ
ᠠᠰᠢᠳᠠ ᠶ᠋ᠢᠨ ᠢᠷᠦᠭᠡᠯ ᠢ᠋ᠶ᠋ᠡᠷ ᠬᠥᠬᠦᠦᠷ ᠢ᠋ᠶ᠋ᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ

ᠠᠮᠤᠷ ᠪᠠᠢᠨ᠎ᠠ ᠤᠤ ᠮᠡᠨᠳᠦ ᠶ᠋ᠢᠨ ᠬᠠᠳᠠᠭ ᠢ᠋ᠶ᠋ᠠᠨ ᠳᠡᠯᠭᠡᠶ᠎ᠡ
ᠠᠪᠤ ᠡᠵᠢ ᠡᠯᠢᠭᠡᠨ ᠲᠦᠮᠡᠨ ᠲᠡᠢ ᠪᠡᠨ ᠠᠭᠤᠯᠵᠠᠬᠤ ᠰᠠᠢᠬᠠᠨ
ᠠᠰᠢᠳᠠ ᠶ᠋ᠢᠨ ᠢᠷᠦᠭᠡᠯ ᠢ᠋ᠶ᠋ᠡᠷ ᠬᠥᠬᠦᠦᠷ ᠢ᠋ᠶ᠋ᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ

   ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
   ᠦᠰᠦᠭ ᠬᠠᠳᠠᠭᠴᠢ᠄ ᠬᠠᠨ ᠱᠢ ᠵᠢᠶᠦ᠋ᠨ
   ᠬᠢᠨᠠᠭᠴᠢ᠄ ᠣᠳᠬᠠᠨᠰᠣ᠎ᠠ