ᠳᠤᠷᠠᠯᠠᠯ ᠰᠢᠭ᠋ ᠪᠦᠰᠡᠭᠦᠢ- ᠪ ᠭᠦᠷᠦᠪᠠᠳᠮ᠎ᠠДурлал шиг бүсгүй-б Гүрбадам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠯᠠᠯ ᠰᠢᠭ᠋ ᠪᠦᠰᠡᠭᠦᠢ- ᠪ ᠭᠦᠷᠦᠪᠠᠳᠮ᠎ᠠДурлал шиг бүсгүй-б Гүрбадам

ᠳᠤᠷᠠᠯᠠᠯ ᠰᠢᠭ᠋ ᠪᠦᠰᠡᠭᠦᠢ- ᠪ ᠭᠦᠷᠦᠪᠠᠳᠮ᠎ᠠДурлал шиг бүсгүй-б Гүрбадам

ᠠᠩᠭᠢᠯᠠᠯ:ᠳᠠᠭᠤᠤ ᠬᠥᠭᠵᠢᠮ
2022-10-28

377

ᠳᠤᠷᠠᠯᠠᠯ ᠰᠢᠭ᠋ ᠪᠦᠰᠡᠭᠦᠢ


     ᠦᠭᠡ᠄ ᠰ· ᠡᠷᠳᠡᠨᠢᠴᠢᠮᠡᠭ᠌     
     ᠠᠶ᠎ᠠ ᠬᠥᠭᠵᠢᠮ᠄ ᠤ᠋᠂ ᠪᠠᠲᠤᠲᠡᠮᠦᠷ    
     ᠳᠠᠭᠤᠴᠢᠨ᠄ ᠤ᠋· ᠭᠦᠷᠦᠪᠠᠳᠮ᠎ᠠ  

ᠳᠤᠷᠠᠯᠠᠯ ᠰᠢᠭ᠋ ᠰᠠᠢᠬᠠᠨ ᠪᠦᠰᠡᠭᠦᠢ  
ᠲᠣᠭᠣᠷᠢᠭ ᠨᠢᠳᠦ ᠲᠡᠢ ᠳᠠᠭᠤᠤ ᠰᠢᠭ᠋ ᠪᠦᠰᠡᠭᠦᠢ   
ᠬᠤᠨ ᠰᠢᠪᠠᠭᠤ ᠰᠢᠭ᠋ ᠬᠠᠢᠷᠠᠯᠠᠵᠤ ᠴᠢᠳᠠᠬᠤ
ᠬᠥᠮᠦᠨ ᠬᠥᠮᠦᠨ ᠡᠴᠡ ᠡᠩᠬᠦᠷᠡᠢ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ᠃

ᠬᠠᠢᠷ᠎ᠠ ᠰᠢᠭ᠋ ᠰᠠᠢᠬᠠᠨ ᠪᠦᠰᠡᠭᠦᠢ
ᠬᠠᠢᠯᠭᠠᠨ ᠰᠡᠳᠬᠢᠯ ᠳ᠋ᠦ᠍ ᠠᠮᠠᠷᠬᠠᠨ ᠪᠦᠰᠡᠭᠦᠢ
ᠬᠥᠭᠡᠷᠦᠬᠦᠨ ᠨᠢᠳᠦ ᠲᠡᠢ ᠳᠤᠷᠠᠯᠠᠮ᠎ᠠ ᠪᠦᠰᠡᠭᠦᠢ
ᠬᠠᠨ ᠬᠣᠷᠸ᠎ᠠ ᠶ᠋ᠢᠨ ᠭᠦᠩᠵᠦ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ᠃

ᠢᠲᠡᠭᠡᠯ ᠰᠢᠭ ᠨᠠᠨᠳᠢᠨ ᠪᠦᠰᠡᠭᠦᠢ
ᠡᠯᠢᠭᠡ ᠵᠢᠷᠦᠬᠡᠨ ᠦ᠌ ᠰᠢᠲᠦᠭᠡᠨ ᠪᠦᠰᠡᠭᠦᠢ
ᠡᠩᠬᠦᠷᠡᠢ ᠠᠭᠠᠰᠢ ᠲᠠᠢ ᠢᠯᠳᠠᠮ ᠪᠦᠰᠡᠭᠦᠢ
ᠡᠷᠭᠢᠬᠦ ᠣᠷᠴᠢᠯᠠᠩ ᠤ᠋ᠨ ᠳᠠᠭᠢᠨᠢ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ
ᠬᠠᠢᠷ᠎ᠠ ᠰᠢᠭ᠋ ᠰᠠᠢᠬᠠᠨ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ
ᠳᠠᠭᠤᠤ ᠰᠢᠭ᠋ ᠤᠶᠠᠷᠠᠮ᠎ᠠ ᠪᠦᠰᠡᠭᠦᠢ᠃

       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ