ᠮᠠᠷᠲᠠᠬᠤ ᠶ᠋ᠢᠨ ᠠᠷᠭ᠎ᠠ ᠦᠭᠡᠢ ᠨᠤᠲᠤᠭ -ᠮᠡᠷᠭᠡᠨᠪᠠᠭᠠᠲᠤᠷ Martkhyn argagüi nutag-MergenbaatarМартхын аргагүй нутаг-Мэргэнбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠲᠠᠬᠤ ᠶ᠋ᠢᠨ ᠠᠷᠭ᠎ᠠ ᠦᠭᠡᠢ ᠨᠤᠲᠤᠭ -ᠮᠡᠷᠭᠡᠨᠪᠠᠭᠠᠲᠤᠷ Martkhyn argagüi nutag-MergenbaatarМартхын аргагүй нутаг-Мэргэнбаатар

ᠮᠠᠷᠲᠠᠬᠤ ᠶ᠋ᠢᠨ ᠠᠷᠭ᠎ᠠ ᠦᠭᠡᠢ ᠨᠤᠲᠤᠭ -ᠮᠡᠷᠭᠡᠨᠪᠠᠭᠠᠲᠤᠷ Martkhyn argagüi nutag-MergenbaatarМартхын аргагүй нутаг-Мэргэнбаатар

ᠠᠩᠭᠢᠯᠠᠯ:ᠳᠠᠭᠤᠤ ᠬᠥᠭᠵᠢᠮ
2026-01-07

887

ᠮᠠᠷᠲᠠᠬᠤ ᠶ᠋ᠢᠨ ᠠᠷᠭ᠎ᠠ ᠦᠭᠡᠢ ᠨᠤᠲᠤᠭ


  ᠦᠭᠡ᠂ ᠠᠶ᠎ᠠ᠄ ᠮᠡᠷᠭᠡᠨᠪᠠᠭᠠᠲᠤᠷ 
  ᠳᠠᠭᠤᠴᠢᠨ᠄ ᠪ᠂ ᠮᠡᠷᠭᠡᠨᠪᠠᠭᠠᠲᠤᠷ 

ᠠ᠁ ᠠ᠁ ᠨᠤᠲᠤᠭ ᠮᠢᠨᠢ ᠳᠡ 
ᠠ᠁ ᠠ᠁ ᠨᠤᠲᠤᠭ ᠮᠢᠨᠢ ᠳᠡ 

ᠬᠥᠮᠦᠨ ᠦ᠌ ᠭᠠᠵᠠᠷ ᠠ᠋ᠴᠠ ᠨᠤᠲᠤᠭ ᠢ᠋ᠶ᠋ᠠᠨ ᠭᠡᠳ ᠰᠠᠨᠠᠬᠤ ᠪᠠᠷ 
ᠬᠥᠬᠡᠮᠳᠦᠭ ᠲᠩᠷᠢ ᠨᠢ ᠬᠥᠬᠡᠷᠡᠨ ᠬᠥᠬᠡᠷᠡᠨ ᠲᠡᠨᠢᠢᠭᠡᠳ ᠪᠠᠢᠨ᠎ᠠ 
ᠬᠥᠷᠥᠰᠥ ᠨᠢ ᠰᠢᠮᠡᠯᠢᠭ ᠠᠭᠤᠳᠠᠮ ᠨᠣᠭᠣᠭᠠᠨ ᠪᠡᠯᠴᠢᠭᠡᠷ ᠨᠢ 
ᠬᠥᠪᠥᠩ ᠮᠢᠨᠳᠠᠰᠤ ᠰᠢᠭ᠋ ᠵᠥᠭᠡᠯᠡᠨ ᠡᠴᠡ ᠵᠥᠭᠡᠯᠡᠨ  ᠵᠦᠯᠭᠡᠷᠡᠭᠡᠳ ᠪᠠᠢᠨ᠎ᠠ 
ᠬᠠᠮᠢᠭ᠎ᠠ ᠶᠠᠪᠤᠭᠰᠠᠨ ᠴᠤ᠌ ᠨᠤᠲᠤᠭ ᠤ᠋ᠨ ᠮᠢᠨᠢ ᠰᠢᠷᠣᠢ 
ᠠᠯᠲᠠᠨ ᠠ᠋ᠴᠠ ᠦᠨᠡᠲᠡᠢ ᠰᠠᠨᠠᠭᠳᠠᠭᠠᠳ ᠪᠠᠢᠨ᠎ᠠ
ᠠᠯᠠᠭᠠᠨ ᠳ᠋ᠤ᠌ ᠪᠠᠨ ᠳᠡᠭᠡᠳᠦᠯᠡᠵᠦ ᠡᠪᠦᠷᠯᠡᠭᠡᠳ ᠮᠣᠷᠳᠠᠬᠤ ᠪᠠᠷ
ᠠᠪᠤ ᠶ᠋ᠢᠨ ᠰᠤᠷᠭᠠᠯ ᠰᠢᠭ᠋ ᠪᠣᠳᠣᠭᠳᠠᠭᠠᠳ ᠪᠠᠢᠨ᠎ᠠ
ᠠ᠁ ᠠ᠁ ᠨᠤᠲᠤᠭ ᠮᠢᠨᠢ ᠳᠡ
ᠮᠢᠨᠦ ᠵᠢᠷᠦᠬᠡᠨ ᠳ᠋ᠦ᠍ ᠤᠶᠠᠭᠠᠲᠠᠢ
ᠮᠠᠷᠲᠠᠬᠤ ᠶ᠋ᠢᠨ ᠠᠷᠭ᠎ᠠ ᠦᠭᠡᠢ ᠨᠤᠲᠤᠭ ᠮᠢᠨᠢ

ᠬᠠᠷᠠᠩᠭᠤᠢ ᠳᠤᠮᠳᠠᠭᠤᠷ ᠨᠤᠲᠤᠭ ᠤ᠋ᠨ ᠲᠩᠷᠢ ᠪᠡᠨ ᠰᠢᠷᠲᠡᠬᠦᠯᠡᠷ
ᠣᠳᠣᠨ ᠮᠡᠴᠢᠳ ᠨᠢ ᠮᠥᠩᠭᠥᠨ ᠰᠤᠪᠤᠳ ᠰᠢᠭ᠋ ᠭᠢᠯᠠᠯᠵᠠᠭᠠᠳ ᠪᠠᠢᠨ᠎ᠠ
ᠬᠠᠷᠢ ᠶ᠋ᠢᠨ ᠭᠠᠵᠠᠷ ᠨᠤᠲᠤᠭ ᠤ᠋ᠨ ᠬᠥᠮᠦᠨ ᠮᠢᠨᠢ ᠤᠴᠠᠷᠠᠬᠤ ᠪᠠᠷ
ᠬᠠᠯᠠᠭᠤᠨ ᠲᠥᠷᠥᠯ ᠰᠢᠭ ᠳᠣᠲᠣᠨᠣ ᠠ᠋ᠴᠠ ᠳᠣᠲᠣᠨᠣ ᠪᠣᠳᠣᠭᠳᠠᠭᠠᠳ ᠪᠠᠢᠨ᠎ᠠ
ᠬᠠᠮᠢᠭ᠎ᠠ ᠶᠠᠪᠤᠭᠰᠠᠨ ᠴᠤ᠌ ᠨᠤᠲᠤᠭ ᠤ᠋ᠨ ᠮᠢᠨᠢ ᠤᠰᠤ
ᠷᠠᠰᠢᠶᠠᠨ ᠪᠤᠯᠠᠭ ᠰᠢᠭ᠋ ᠴᠠᠯᠭᠢᠯᠠᠭᠠᠳ ᠪᠠᠢᠨ᠎ᠠ
ᠠᠶᠠᠭᠠᠨ ᠳ᠋ᠠᠭᠠᠨ ᠳᠡᠭᠡᠳᠦᠯᠡᠵᠦ ᠠᠮᠰᠠᠭᠠᠳ ᠮᠣᠷᠳᠠᠬᠤ ᠪᠠᠷ
ᠡᠵᠢ ᠶ᠋ᠢᠨ ᠰᠦ ᠰᠢᠭ ᠰᠠᠨᠠᠭᠳᠠᠭᠠᠳ ᠪᠠᠢᠨ᠎ᠠ
ᠠ᠁ ᠠ᠁ ᠨᠤᠲᠤᠭ ᠮᠢᠨᠢ ᠳᠡ
ᠮᠢᠨᠦ ᠵᠢᠷᠦᠬᠡᠨ ᠳ᠋ᠦ᠍ ᠤᠶᠠᠭᠠᠲᠠᠢ
ᠮᠠᠷᠲᠠᠬᠤ ᠶ᠋ᠢᠨ ᠠᠷᠭ᠎ᠠ ᠦᠭᠡᠢ ᠨᠤᠲᠤᠭ ᠮᠢᠨᠢ
ᠠ᠁ ᠠ᠁ ᠨᠤᠲᠤᠭ ᠮᠢᠨᠢ ᠳᠡ
ᠮᠢᠨᠦ ᠵᠢᠷᠦᠬᠡᠨ ᠳ᠋ᠦ᠍ ᠤᠶᠠᠭᠠᠲᠠᠢ
ᠮᠠᠷᠲᠠᠬᠤ ᠶ᠋ᠢᠨ ᠠᠷᠭ᠎ᠠ ᠦᠭᠡᠢ ᠨᠤᠲᠤᠭ ᠮᠢᠨᠢ

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ