ᠬᠠᠢᠷᠠᠯᠠᠨ᠎ᠠ ᠭᠡᠭᠴᠢ ᠰᠠᠢᠬᠠᠨ- ᠭᠣᠪᠢKhairlana gegch saikhan-GoviХайрлана гэгч сайхан-Гови
ᠬᠠᠢᠷᠠᠯᠠᠨ᠎ᠠ ᠭᠡᠭᠴᠢ ᠰᠠᠢᠬᠠᠨ
ᠦᠭᠡ᠄ ᠨᠠᠮᠵᠠ ᠶ᠋ᠢᠨ ᠴᠡᠷᠡᠩᠪᠠᠯ
ᠠᠶ᠎ᠠ᠄ ᠭᠣᠪᠢ
ᠳᠠᠭᠤᠴᠢᠨ᠄ ᠭᠣᠪᠢ
ᠬᠠᠢᠷᠠᠯᠠᠨ᠎ᠠ ᠭᠡᠭᠴᠢ ᠰᠠᠢᠬᠠᠨ ᠪᠠᠢᠨ᠎ᠠ
ᠴᠡᠯᠮᠡᠭ ᠬᠥᠬᠡ ᠲᠩᠷᠢ ᠶ᠋ᠢᠨ ᠬᠠᠶᠠᠭᠠᠨ ᠳᠣᠣᠷ᠎ᠠ
ᠮᠢᠨᠦ ᠡᠪᠦᠭᠡ ᠶ᠋ᠢᠨ ᠨᠤᠲᠤᠭ ᠪᠣᠢ
ᠴᠡᠩᠬᠡᠷᠯᠡᠨ ᠬᠠᠷᠠᠭᠳᠠᠬᠤ ᠠᠭᠤᠯᠠᠰ ᠤ᠋ᠨ ᠬᠣᠷᠮᠣᠢ ᠳ᠋ᠤ᠌
ᠮᠢᠨᠦ ᠳᠡᠭᠡᠳᠦᠰ ᠦ᠋ᠨ ᠪᠠᠭᠤᠷᠠᠢ ᠪᠣᠢ
ᠡᠨᠡ ᠪᠦᠬᠦᠨ ᠢ᠋ᠶ᠋ᠡᠨ ᠪᠢ ᠬᠠᠢᠷᠠᠯᠠᠨ᠎ᠠ
ᠬᠠᠢᠷᠠᠯᠠᠨ᠎ᠠ ᠭᠡᠭᠴᠢ ᠰᠠᠢᠬᠠᠨ ᠯᠠ ᠪᠣᠢ
ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ
ᠨᠠᠷᠠ ᠰᠠᠷ᠎ᠠ ᠪᠠᠷ ᠠᠷᠭᠠᠳᠠᠭᠤᠯᠤᠭᠰᠠᠨ ᠬᠥᠳᠡᠭᠡ ᠳ᠋ᠦ᠍ᠨᠢ
ᠨᠠᠪᠴᠢ ᠴᠡᠴᠡᠭ ᠦ᠋ᠨ ᠳᠠᠯᠠᠢ ᠪᠣᠢ
ᠨᠠᠢᠷᠲᠠᠢ ᠬᠠᠢᠷᠠᠲᠠᠢ ᠡᠨᠡ ᠨᠤᠲᠤᠭ ᠲᠤ᠌
ᠨᠠᠰᠤ ᠪᠠᠷ ᠢ᠋ᠶ᠋ᠠᠨ ᠵᠢᠷᠭᠠᠬᠤ ᠵᠠᠶᠠᠭ᠎ᠠ ᠪᠣᠢ
ᠡᠨᠡ ᠪᠦᠬᠦᠨ ᠢ᠋ᠶ᠋ᠡᠨ ᠪᠢ ᠬᠠᠢᠷᠠᠯᠠᠨ᠎ᠠ
ᠬᠠᠢᠷᠠᠯᠠᠨ᠎ᠠ ᠭᠡᠭᠴᠢ ᠰᠠᠢᠬᠠᠨ ᠯᠠ ᠪᠣᠢ
ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ
ᠬᠠᠢᠷᠠᠯᠠᠨ᠎ᠠ ᠭᠡᠭᠴᠢ ᠰᠠᠢᠬᠠᠨ ᠪᠠᠢᠨ᠎ᠠ
ᠬᠤᠷᠠᠭ᠎ᠠ ᠢᠰᠢᠭᠡ ᠮᠠᠢᠯᠠᠯᠳᠤᠭᠰᠠᠨ ᠬᠥᠳᠡᠭᠡ ᠳ᠋ᠦ᠍
ᠬᠡᠦᠬᠡᠳ ᠦᠶ᠎ᠡ ᠶ᠋ᠢᠨ ᠮᠢᠨᠢ ᠳᠤᠷᠠᠰᠤᠮᠵᠢ ᠪᠣᠢ
ᠬᠣᠩᠭᠣᠷᠬᠠᠨ ᠡᠨᠡ ᠨᠠᠰᠤᠨ ᠳ᠋ᠤ᠌ ᠮᠢᠨᠢ
ᠬᠤᠪᠢ ᠲᠠᠢ ᠤᠴᠠᠷᠠᠳᠠᠭ ᠠᠨᠳᠠ ᠪᠣᠢ
ᠡᠨᠡ ᠪᠦᠬᠦᠨ ᠢ᠋ᠶ᠋ᠡᠨ ᠪᠢ ᠬᠠᠢᠷᠠᠯᠠᠨ᠎ᠠ
ᠬᠠᠢᠷᠠᠯᠠᠨ᠎ᠠ ᠭᠡᠭᠴᠢ ᠰᠠᠢᠬᠠᠨ ᠯᠠ ᠪᠣᠢ
ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ
ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ
ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠰᠣᠨᠢᠨᠪᠠᠶᠠᠷ
