ᠨᠠᠮ᠎ᠠ ᠪᠠᠨ ᠰᠠᠨᠠᠵᠤ ᠶᠠᠪᠤᠭᠠᠷᠠᠢ -ᠨᠠᠢᠷᠠᠯᠲᠤ Namaa sanaj yavaarai-NairaltНамаа санаж яваарай-Найралт
ᠨᠠᠮ᠎ᠠ ᠪᠠᠨ ᠰᠠᠨᠠᠵᠤ ᠶᠠᠪᠤᠭᠠᠷᠠᠢ
ᠦᠭᠡ᠄ ᠲᠤᠭᠴᠢ ᠯᠤᠪᠰᠠᠩ
ᠠᠶ᠎ᠠ᠄ ᠮᠠᠭᠰᠤᠷᠵᠠᠪ
ᠬᠥᠭᠵᠢᠮ᠄ ᠷᠢᠸᠠᠳᠢ
ᠳᠠᠭᠤᠴᠢᠨ᠄ ᠨᠠᠢᠷᠠᠯᠲᠤ
ᠬᠡᠨ ᠳ᠋ᠦ᠍ ᠪᠡᠨ ᠴᠦ᠍ ᠴᠤᠬᠤᠢᠯᠠᠭᠠ ᠦᠭᠡᠢ ᠭᠡᠨᠡᠬᠡᠨ ᠳᠤᠷᠠᠯᠠᠯ ᠳ᠋ᠤ᠌ ᠪᠠᠨ
ᠣᠳᠣᠨ ᠤ᠋ ᠳᠣᠣᠷ᠎ᠠ ᠪᠢ ᠴᠢᠨᠢ ᠭᠠᠩᠰᠠᠷᠠᠵᠤ ᠤᠶᠠᠷᠠᠯ᠎ᠠ ᠳᠠ
ᠴᠡᠴᠡᠭ ᠦ᠋ᠨ ᠰᠢᠭᠦᠳᠡᠷᠢ ᠭᠤᠨᠢᠭ ᠢ᠋ ᠮᠢᠨᠢ ᠠᠷᠭᠠᠳᠠᠭᠠᠳ
ᠣᠷᠣᠢᠲᠠᠭᠰᠠᠨ ᠬᠠᠢᠷᠠᠨ ᠳ᠋ᠤ᠌ ᠥᠨᠥᠴᠢᠨ ᠭᠠᠭᠴᠠᠭᠠᠷ ᠢ᠋ᠶ᠋ᠠᠨ
ᠴᠢ ᠮᠢᠨᠢ ᠬᠡᠵᠢᠶᠡᠳᠡ ᠨᠠᠮ᠎ᠠ ᠪᠠᠨ ᠬᠠᠢᠷᠠᠯᠠᠭᠠᠳ
ᠴᠢᠮᠡᠭᠡ ᠦᠭᠡᠢ ᠳᠤᠷᠠᠯᠠᠯ ᠳ᠋ᠤ᠌ ᠮᠢᠨᠢ ᠱᠤᠮᠪᠠᠵᠤ ᠶᠠᠪᠤᠭᠠᠷᠠᠢ
ᠴᠢᠮᠡᠭᠡ ᠦᠭᠡᠢ ᠳᠤᠷᠠᠯᠠᠯ ᠳ᠋ᠤ᠌ ᠮᠢᠨᠢ ᠱᠤᠮᠪᠠᠵᠤ ᠶᠠᠪᠤᠭᠠᠷᠠᠢ
ᠬᠡᠨ ᠳ᠋ᠦ᠍ ᠪᠡᠨ ᠴᠦ᠍ ᠬᠡᠯᠡᠭᠡ ᠦᠭᠡᠢ ᠨᠢᠭᠤᠴᠠᠬᠠᠨ ᠦᠭᠡ ᠪᠡᠨ
ᠨᠠᠭᠤᠷ ᠤ᠋ᠨ ᠵᠠᠬ᠎ᠠ ᠳ᠋ᠤ᠌ ᠪᠢ ᠴᠢᠨᠢ ᠰᠢᠪᠡᠨᠡᠵᠦ ᠶᠠᠪᠤᠯ᠎ᠠ ᠳᠠ
ᠰᠠᠷᠠᠨ ᠤ᠋ ᠲᠤᠶᠠᠭ᠎ᠠ ᠰᠡᠳᠬᠢᠯ ᠢ᠋ ᠮᠢᠨᠢ ᠠᠷᠭᠠᠮᠵᠢᠭᠠᠳ
ᠭᠡᠶᠦᠷᠥᠭᠰᠡᠨ ᠪᠣᠳᠣᠯ ᠳ᠋ᠤ᠌ ᠨᠢᠯᠪᠤᠰᠤ ᠲᠠᠢ ᠭᠠᠭᠴᠠᠭᠠᠷ ᠢ᠋ᠶ᠋ᠠᠨ
ᠴᠢ ᠮᠢᠨᠢ ᠬᠡᠵᠢᠶᠡᠳᠡ ᠨᠠᠮ᠎ᠠ ᠪᠠᠨ ᠬᠠᠢᠷᠠᠯᠠᠭᠠᠳ
ᠴᠢᠮᠡᠭᠡ ᠦᠭᠡᠢ ᠳᠤᠷᠠᠯᠠᠯ ᠳ᠋ᠤ᠌ ᠮᠢᠨᠢ ᠱᠤᠮᠪᠠᠵᠤ ᠶᠠᠪᠤᠭᠠᠷᠠᠢ
ᠴᠢᠮᠡᠭᠡ ᠦᠭᠡᠢ ᠳᠤᠷᠠᠯᠠᠯ ᠳ᠋ᠤ᠌ ᠮᠢᠨ ᠱᠤᠮᠪᠠᠵᠤ ᠶᠠᠪᠤᠭᠠᠷᠠᠢ
ᠬᠡᠨ ᠳ᠋ᠦ᠍ ᠪᠡᠨ ᠴᠦ᠍ ᠥᠭᠭᠦᠭᠡ ᠦᠭᠡᠢ ᠨᠠᠨᠳᠢᠩᠬᠠᠨ ᠬᠠᠢᠷ᠎ᠠ ᠪᠠᠨ
ᠬᠣᠷᠸ᠎ᠠ ᠶ᠋ᠢᠨ ᠵᠠᠢ ᠳ᠋ᠤ᠌ ᠪᠢ ᠴᠢᠨᠢ ᠬᠠᠷᠠᠮᠨᠠᠵᠤ ᠢᠷᠡᠯ᠎ᠡ ᠳᠠ
ᠴᠡᠩᠬᠡᠷᠬᠡᠨ ᠮᠥᠷᠥᠭᠡᠳᠦᠯ ᠬᠣᠶᠠᠭᠤᠯᠠ ᠶ᠋ᠢ ᠬᠥᠲᠥᠯᠦᠭᠡᠳ
ᠴᠡᠩᠭᠡᠭᠦᠨ ᠰᠥᠨᠢ ᠶ᠋ᠢᠨ ᠵᠤᠯᠠ ᠶ᠋ᠢ ᠨᠣᠴᠣᠭᠠᠯᠠ
ᠴᠢ ᠮᠢᠨᠢ ᠬᠡᠵᠢᠶᠡᠳᠡ ᠨᠠᠮ᠎ᠠ ᠪᠠᠨ ᠬᠠᠢᠷᠠᠯᠠᠭᠠᠳ
ᠴᠢᠮᠡᠭᠡ ᠦᠭᠡᠢ ᠳᠤᠷᠠᠯᠠᠯ ᠳ᠋ᠤ᠌ ᠮᠢᠨᠢ ᠱᠤᠮᠪᠠᠵᠤ ᠶᠠᠪᠤᠭᠠᠷᠠᠢ
ᠴᠢᠮᠡᠭᠡ ᠦᠭᠡᠢ ᠳᠤᠷᠠᠯᠠᠯ ᠳ᠋ᠤ᠌ ᠮᠢᠨᠢ ᠱᠤᠮᠪᠠᠵᠤ ᠶᠠᠪᠤᠭᠠᠷᠠᠢ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ
