ᠠᠪᠤ ᠡᠵᠢ ᠶ᠋ᠢᠨ ᠨᠤᠲᠤᠭ ᠤᠰᠤᠨ-ᠡᠷᠳᠡᠨᠢᠬᠤᠸᠠᠷ Aav eejiin nutag usan-ErdenkhuvrАав ээжийн нутаг усан-Эрдэнхувр
ᠠᠪᠤ ᠡᠵᠢ ᠶ᠋ᠢᠨ ᠨᠤᠲᠤᠭ ᠤᠰᠤᠨ
ᠦᠭᠡ᠄ ᠭᠡᠷᠡᠯᠴᠢᠯᠠᠭᠤ
ᠠᠶ᠎ᠠ᠄ ᠣᠳᠬᠠᠨᠪᠣᠷᠣ
ᠳᠠᠭᠤᠯᠠᠭᠰᠠᠨ ᠨᠢ᠄ ᠡᠷᠳᠡᠨᠢᠬᠤᠸᠠᠷ
ᠠᠷᠤ ᠶ᠋ᠢᠨ ᠬᠤᠳᠳᠤᠭ ᠢ᠋ᠶ᠋ᠠᠨ ᠪᠠᠷᠠᠯᠠᠬᠤ ᠳ᠋ᠤ᠌
ᠠᠪᠤ ᠶ᠋ᠢᠨ ᠪᠠᠷ᠎ᠠ ᠦᠭᠡᠢᠯᠡᠭᠳᠡᠬᠦ ᠶᠦᠮ
ᠠᠪᠤ ᠲᠠᠨ ᠢ ᠪᠡᠨ ᠪᠣᠳᠣᠬᠤᠯᠠᠷ
ᠠᠯᠠᠭ ᠨᠢᠳᠦᠨ ᠳ᠋ᠦ᠍ ᠮᠢᠨᠢ ᠨᠢᠯᠪᠤᠰᠤ ᠲᠠᠢ
ᠠᠢ ᠬᠥᠭᠡᠷᠦᠬᠦᠢ ᠠᠷᠤ ᠶ᠋ᠢᠨ ᠬᠤᠳᠳᠤᠭ
ᠠᠪᠤ ᠡᠵᠢ ᠶ᠋ᠢᠨ ᠨᠤᠲᠤᠭ ᠤᠰᠤᠨ
ᠥᠨᠳᠥᠷ ᠲᠣᠯᠣᠭᠠᠢ ᠶ᠋ᠢ ᠰᠠᠷᠠᠪᠴᠢᠯᠠᠬᠤ ᠳ᠋ᠤ᠌
ᠡᠵᠢ ᠶ᠋ᠢᠨ ᠪᠠᠷ᠎ᠠ ᠦᠭᠡᠢᠯᠡᠭᠳᠡᠬᠦ ᠶᠦᠮ
ᠡᠵᠢ ᠲᠠᠨ ᠢ ᠪᠡᠨ ᠪᠣᠳᠣᠬᠤᠯᠠᠷ
ᠡᠪᠦᠷ ᠳᠦᠭᠦᠷᠡᠩ ᠨᠢᠯᠪᠤᠰᠤ ᠲᠠᠢ
ᠠᠢ ᠬᠥᠭᠡᠷᠦᠬᠦᠢ ᠥᠨᠳᠥᠷ ᠲᠣᠯᠣᠭᠠᠢ
ᠠᠪᠤ ᠡᠵᠢ ᠶ᠋ᠢᠨ ᠨᠤᠲᠤᠭ ᠤᠰᠤᠨ
ᠡᠪᠦᠭᠡᠨ ᠲᠣᠯᠣᠭᠠᠢ ᠶ᠋ᠢ ᠬᠠᠷᠠᠬᠤ ᠳ᠋ᠤ᠌
ᠢᠰᠢᠭᠡᠨ ᠦ᠌ ᠪᠡᠯᠴᠢᠭᠡᠷ ᠦᠭᠡᠢᠯᠡᠭᠳᠡᠬᠦ ᠶᠦᠮ
ᠢᠰᠢᠭᠡ ᠬᠠᠷᠢᠭᠤᠯᠤᠭᠰᠠᠨ ᠢ᠋ᠶ᠋ᠠᠨ ᠡᠷᠭᠢᠴᠡᠭᠦᠯᠪᠡᠯ
ᠡᠩᠭᠡᠷ ᠳᠦᠭᠦᠷᠡᠩ ᠨᠢᠯᠪᠤᠰᠤ ᠲᠠᠢ
ᠠᠢ ᠬᠥᠭᠡᠷᠦᠬᠦᠢ ᠡᠪᠦᠭᠡᠨ ᠲᠣᠯᠣᠭᠠᠢ
ᠦᠯᠢᠭᠡᠷ ᠰᠢᠪᠡᠨᠡᠭᠰᠡᠨ ᠨᠤᠲᠤᠭ ᠤᠰᠤᠨ
ᠡᠪᠦᠭᠡᠨ ᠲᠣᠯᠣᠭᠠᠢ ᠦᠯᠢᠭᠡᠷ ᠰᠢᠪᠡᠨᠡᠭᠰᠡᠨ ᠨᠤᠲᠤᠭ ᠤᠰᠤᠨ
ᠦᠰᠦᠭ ᠠᠮᠢᠯᠠᠭᠤᠯᠤᠭᠴᠢ᠄ ᠭᠡᠷᠡᠯᠴᠢᠯᠠᠭᠤ
ᠦᠰᠦᠭ ᠬᠠᠲᠠᠭᠴᠢ᠄ ᠪᠠᠢ ᠰᠠᠷᠠᠨ᠎ᠠ
ᠦᠰᠦᠭ ᠬᠢᠨᠠᠭᠴᠢ᠄ ᠲᠣᠳᠣᠭᠡᠷᠡᠯ᠂ ᠭᠡᠷᠡᠯᠴᠢᠯᠠᠭᠤ
