《ᠮᠣᠩᠭᠣᠯ ᠤ᠋ᠨ ᠨᠢᠭᠤᠴᠠ ᠲᠣᠪᠴᠢᠶᠠᠨ》ᠲᠠᠪᠤᠳᠤᠭᠠᠷ ᠪᠦᠯᠦᠭ ᠂ ᠲᠠᠲ᠋ᠠᠷ ᠢ᠋ ᠰᠥᠨᠥᠭᠡᠭᠰᠡᠨ ᠪᠠ ᠸᠠᠩ ᠬᠠᠨ ᠲᠠᠢ ᠡᠪᠳᠡᠷᠡᠭᠰᠡᠨ ᠨᠢТатарыг сөнөөсөн ба ван хантай эвдэрсэн нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》ᠲᠠᠪᠤᠳᠤᠭᠠᠷ ᠪᠦᠯᠦᠭ ᠂ ᠲᠠᠲ᠋ᠠᠷ ᠢ᠋ ᠰᠥᠨᠥᠭᠡᠭᠰᠡᠨ ᠪᠠ ᠸᠠᠩ ᠬᠠᠨ ᠲᠠᠢ ᠡᠪᠳᠡᠷᠡᠭᠰᠡᠨ ᠨᠢТатарыг сөнөөсөн ба ван хантай эвдэрсэн нь

《ᠮᠣᠩᠭᠣᠯ ᠤ᠋ᠨ ᠨᠢᠭᠤᠴᠠ ᠲᠣᠪᠴᠢᠶᠠᠨ》ᠲᠠᠪᠤᠳᠤᠭᠠᠷ ᠪᠦᠯᠦᠭ ᠂ ᠲᠠᠲ᠋ᠠᠷ ᠢ᠋ ᠰᠥᠨᠥᠭᠡᠭᠰᠡᠨ ᠪᠠ ᠸᠠᠩ ᠬᠠᠨ ᠲᠠᠢ ᠡᠪᠳᠡᠷᠡᠭᠰᠡᠨ ᠨᠢТатарыг сөнөөсөн ба ван хантай эвдэрсэн нь

ᠠᠩᠭᠢᠯᠠᠯ:ᠲᠡᠦᠬᠡ ᠰᠣᠶᠣᠯ
2023-10-27

2440

《ᠮᠣᠩᠭᠣᠯ ᠤ᠋ᠨ ᠨᠢᠭᠤᠴᠠ ᠲᠣᠪᠴᠢᠶᠠᠨ》ᠲᠠᠪᠤᠳᠤᠭᠠᠷ ᠪᠦᠯᠦᠭ ᠂ ᠲᠠᠲ᠋ᠠᠷ ᠢ᠋ ᠰᠥᠨᠥᠭᠡᠭᠰᠡᠨ ᠪᠠ ᠸᠠᠩ ᠬᠠᠨ ᠲᠠᠢ ᠡᠪᠳᠡᠷᠡᠭᠰᠡᠨ ᠨᠢ

 
148᠂ ᠴᠢᠩᠭᠢᠰ ᠬᠠᠭᠠᠨ᠂ ᠲᠡᠨᠳᠡ ᠲᠠᠢᠴᠢᠭᠤᠳ ᠢ᠋ ᠳᠣᠪᠲᠣᠯᠵᠤ ᠠᠭᠤᠴᠤ ᠪᠠᠭᠠᠲᠤᠷ᠂ᠬᠣᠲᠣᠩ ᠣᠷᠴᠠᠩ᠂ ᠬᠤᠲᠤᠭᠤᠳᠠᠷ ᠵᠡᠷᠭᠡ ᠶ᠋ᠢᠨ ᠲᠠᠢᠴᠢᠭᠤᠳ ᠤ᠋ᠨ ᠢᠵᠠᠭᠤᠷᠲᠠᠨ ᠢ᠋ ᠤᠷᠤᠭ ᠤ᠋ᠨ ᠤᠷᠤᠭ ᠬᠦᠷᠲᠡᠯ᠎ᠡ ᠦᠨᠡᠰᠦᠨ ᠲᠣᠪᠣᠷᠠᠭ ᠪᠣᠯᠭᠠᠵᠤ ᠬᠢᠳᠤᠪᠠ᠃ ᠤᠯᠤᠰ ᠢᠷᠭᠡᠨ ᠢ᠋ ᠨᠢ ᠨᠡᠭᠦᠯᠭᠡᠵᠦ᠂ ᠴᠢᠩᠭᠢᠰ ᠬᠠᠭᠠᠨ᠂ ᠬᠤᠪᠠ ᠬᠠᠶᠠᠭ᠎ᠠ (ᠤᠬᠠᠭ᠎ᠠ ᠬᠠᠶᠠᠭ᠎ᠠ) ᠭᠡᠳᠡᠭ ᠭᠠᠵᠠᠷ ᠢᠷᠡᠵᠦ ᠡᠪᠦᠯᠵᠢᠪᠡ᠃
149᠂ ᠰᠤᠤᠲᠤ ᠪᠣᠭᠳᠠ ᠴᠢᠩᠭᠢᠰ ᠬᠠᠭᠠᠨ᠂ ᠵᠠᠬ᠎ᠠ ᠨᠤᠲᠤᠭ ᠨᠤᠲᠤᠭᠯᠠᠵᠤ ᠶᠠᠪᠤᠬᠤ ᠶ᠋ᠢᠨ ᠴᠠᠭ ᠲᠤ᠌ ᠨᠢᠭᠡᠨ ᠡᠳᠦᠷ ᠳᠣᠲᠣᠭᠠᠳᠤ ᠶᠢᠰᠦᠨ ᠰᠠᠢᠳ ᠢ᠋ᠶ᠋ᠠᠨ ᠠᠪᠴᠤ ᠮᠥᠷ ᠬᠠᠢᠵᠤ᠂ ᠪᠠᠷ᠎ᠠ ᠬᠠᠷᠠᠵᠤ ᠶᠠᠪᠤᠭᠠᠳ ᠵᠠᠷᠯᠢᠭ ᠪᠣᠯᠤᠷᠤᠨ᠄ 《ᠠᠯᠢ ᠴᠤ᠌ ᠵᠦᠭ ᠡᠴᠡ ᠶᠠᠮᠠᠷ ᠴᠤ᠌ ᠳᠠᠢᠰᠤᠨ ᠢᠷᠡᠬᠦ ᠮᠠᠭᠠᠳ ᠦᠭᠡᠢ᠂ ᠶᠢᠰᠦᠨ ᠰᠠᠢᠳ ᠮᠢᠨᠢ ᠭᠤᠷᠪᠠᠨ ᠬᠡᠰᠡᠭ ᠪᠣᠯᠵᠤ ᠶᠠᠪᠤ》 ᠭᠡᠵᠦ ᠵᠠᠷᠯᠢᠭ ᠪᠣᠯᠪᠠ᠃ ᠡᠵᠡᠨ ᠦ᠌ ᠵᠠᠷᠯᠢᠭ ᠢ᠋ ᠳᠠᠭᠠᠵᠤ ᠵᠡᠯᠮ᠎ᠡ᠂ ᠴᠤᠤ ᠮᠡᠷᠭᠡᠨ᠂ ᠰᠢᠭᠢᠬᠤᠲᠤᠭ ᠭᠤᠷᠪᠠ ᠨᠢᠭᠡ ᠬᠡᠰᠡᠭ ᠪᠣᠯᠪᠠ᠂ ᠪᠣᠭᠣᠷᠴᠤ᠂  ᠪᠣᠷᠣᠬᠤᠯ᠂ ᠮᠤᠬᠤᠯᠠᠢ ᠭᠤᠷᠪᠠᠭᠤᠯᠠ ᠨᠢᠭᠡ ᠬᠡᠰᠡᠭ ᠪᠣᠯᠪᠠ᠂ ᠰᠦᠯᠳᠦᠰᠦᠨ ᠦ᠌ ᠰᠣᠷᠬᠠᠨ ᠰᠢᠷ᠎ᠠ᠂ ᠪᠡᠰᠦᠲᠡᠢ ᠶ᠋ᠢᠨ ᠵᠡᠪᠡ᠂ ᠣᠢᠷᠠᠳ ᠤ᠋ᠨ ᠬᠠᠷ᠎ᠠ ᠬᠢᠷᠥᠭᠡ ᠭᠤᠷᠪᠠ ᠨᠢᠭᠡ ᠬᠡᠰᠡᠭ ᠪᠣᠯᠵᠤ ᠭᠡᠷ ᠲᠦ᠍ ᠦᠯᠡᠳᠡᠪᠡ᠃ ᠡᠵᠡᠨ ᠪᠤᠰᠤᠳ ᠵᠢᠷᠭᠤᠭᠠᠨ ᠰᠠᠢᠳ ᠢ᠋ᠶ᠋ᠠᠨ ᠠᠪᠴᠤ ᠮᠥᠷ ᠬᠠᠢᠵᠤ᠂ ᠪᠠᠷ᠎ᠠ ᠬᠠᠷᠠᠵᠤ᠂ ᠴᠠᠬᠠᠷ ᠬᠠᠨ ᠢ᠋ ᠠᠷᠤᠯᠠᠵᠤ᠂ ᠵᠡᠯᠮᠡᠨ ᠬᠠᠨ ᠢ᠋ ᠥᠯᠥᠭᠡᠢᠯᠡᠵᠦ ᠶᠠᠪᠤᠲᠠᠯ᠎ᠠ ᠡᠵᠡᠨ ᠦ᠌ ᠳᠣᠣᠷ᠎ᠠ ᠠ᠋ᠴᠠ ᠬᠠᠯᠲᠠᠷ ᠳᠠᠬᠢ ᠬᠠᠷᠠᠢᠨ ᠭᠦᠶᠦᠬᠦ ᠳ᠋ᠦ᠍ ᠡᠵᠡᠨ ᠲᠣᠯᠪᠣᠲᠤ ᠪᠣᠷᠣ ᠮᠣᠷᠢ ᠪᠠᠷ ᠢ᠋ᠶ᠋ᠠᠨ ᠳᠣᠪᠲᠣᠯᠤᠨ ᠭᠦᠢᠴᠡᠵᠦ ᠠᠭᠰᠠᠭᠰᠠᠨ ᠨᠤᠮᠤ ᠪᠠᠨ ᠠᠩᠭᠠᠢᠯᠭᠠᠨ ᠲᠠᠲᠠᠵᠤ ᠠᠯᠲᠠᠨ ᠰᠤᠮᠤ ᠪᠠᠨ ᠠᠯᠳᠠᠯᠠᠨ ᠳᠡᠯᠢᠵᠦ ᠠᠯᠠᠭ ᠳᠠᠬᠢ ᠶ᠋ᠢ ᠠᠲᠤᠷᠢᠲᠠᠯ᠎ᠠ ᠬᠠᠷᠪᠤᠵᠤ ᠠᠯᠠᠭᠰᠠᠨ ᠳᠠᠷᠤᠢ ᠳ᠋ᠤ᠌ ᠠᠷᠤ ᠳ᠋ᠠᠬᠢ ᠰᠠᠢᠳ ᠨᠢ ᠠᠮᠠᠳᠠᠨ ᠪᠠᠭᠤᠵᠤ ᠠᠪᠴᠤ ᠭᠠᠨᠵᠤᠭᠠᠯᠠᠬᠤ ᠶ᠋ᠢ ᠵᠠᠪᠳᠤᠲᠠᠯ᠎ᠠ ᠡᠵᠡᠨ ᠵᠠᠷᠯᠢᠭ ᠪᠣᠯᠪᠠ᠄ 《ᠡᠭᠦᠨ ᠢ᠋ ᠲᠠ ᠨᠠᠷ ᠦᠳᠲᠡᠷ ᠥᠪᠴᠢᠵᠦ ᠰᠢᠷᠠ᠂ ᠪᠢ ᠲᠡᠷᠡ ᠰᠢᠷ᠎ᠠ ᠳᠡᠪᠰᠡᠭ ᠳᠡᠭᠡᠷ᠎ᠡ ᠭᠠᠷᠴᠤ ᠪᠠᠷ᠎ᠠ ᠬᠠᠷᠠᠶ᠎ᠠ》 ᠭᠡᠳ ᠣᠳᠪᠠ᠃ ᠲᠡᠨᠳᠡ ᠡᠵᠡᠨ ᠦ᠌ ᠨᠣᠢᠷ ᠬᠦᠷᠴᠦ᠂ ᠲᠣᠯᠪᠣᠲᠤ ᠪᠣᠷᠣ ᠮᠣᠷᠢᠨ ᠤ᠋ ᠳᠡᠯ ᠳᠡᠭᠡᠷ᠎ᠡ ᠲᠠᠰᠢᠭᠤᠷ ᠢ᠋ᠶ᠋ᠠᠨ ᠲᠤᠯᠵᠤ ᠤᠨᠲᠠᠭᠠᠳ ᠨᠢᠭᠡ ᠵᠡᠭᠦᠳᠦ ᠵᠡᠭᠦᠳᠦᠯᠡᠪᠡ᠃ ᠴᠢᠩᠭᠢᠰ ᠬᠠᠭᠠᠨ ᠰᠡᠷᠢᠭᠡᠳ ᠵᠢᠷᠭᠤᠭᠠᠨ ᠰᠠᠢᠳ ᠲᠠᠭᠠᠨ ᠢᠷᠡᠵᠦ ᠵᠠᠷᠯᠢᠭ ᠪᠣᠯᠤᠷᠤᠨ᠄
《ᠪᠢ ᠨᠢᠭᠡ ᠵᠡᠭᠦᠳᠦ ᠵᠡᠭᠦᠳᠦᠯᠡᠪᠡ ᠪᠣᠷᠣ ᠵᠢᠷᠦᠬᠡ ᠮᠢᠨᠢ ᠫᠣᠯ ᠫᠣᠯ ᠬᠢᠪᠡ ᠪᠣᠭᠣᠨᠢ ᠬᠠᠪᠢᠷᠭ᠎ᠠ ᠮᠢᠨᠢ ᠰᠢᠷ ᠰᠢᠷ ᠬᠢᠪᠡ᠂ ᠪᠣᠯᠣᠰᠢ ᠦᠭᠡᠢ ᠳᠠᠢᠰᠤᠨ ᠢᠷᠡᠬᠦ ᠨᠢ ᠪᠣᠯᠤᠯᠲᠠᠢ᠂ ᠥᠨᠳᠥᠷ ᠠᠭᠤᠯᠠ ᠶ᠋ᠢᠨ ᠴᠠᠭᠠᠳᠤᠬᠢ ᠥᠷᠭᠡᠨ ᠰᠢᠷ᠎ᠠ ᠲᠠᠯ᠎ᠠ ᠳ᠋ᠤ᠌ ᠭᠤᠷᠪᠠᠨ ᠬᠠᠷ᠎ᠠ ᠲᠤᠭ ᠲᠠᠢ ᠭᠤᠷᠪᠠᠨ ᠵᠠᠭᠤᠨ ᠳᠠᠢᠰᠤᠨ ᠪᠠᠢᠨ᠎ᠠ᠂ ᠭᠤᠷᠪᠠᠨ ᠵᠠᠭᠤᠨ ᠳᠠᠢᠰᠤᠨ ᠤ᠋ ᠬᠣᠰᠢᠭᠤᠴᠢ ᠪᠠᠭᠠᠲᠤᠷ ᠨᠢ ᠵᠡᠭᠡᠷᠳᠡ ᠮᠣᠷᠢ ᠪᠠᠨ ᠤᠨᠤᠵᠤ ᠵᠠᠪᠠᠳᠣ ᠰᠤᠮᠤ ᠪᠠᠨ ᠲᠡᠯᠡᠵᠦ ᠪᠠᠲᠤ ᠬᠤᠶᠠᠭ ᠢ᠋ᠶ᠋ᠠᠨ ᠡᠮᠦᠰᠴᠦ ᠪᠠᠷᠠᠭᠠᠨ ᠰᠠᠬᠠᠯ ᠢ᠋ᠶ᠋ᠠᠨ ᠢᠯᠢᠵᠦ ᠪᠠᠷᠠᠭᠤᠨ ᠲᠡᠰᠢ ᠰᠢᠷᠪᠢᠵᠦ ᠵᠡᠭᠦᠨ ᠳᠠᠰᠢ ᠠᠵᠢᠭᠯᠠᠵᠤ ᠵᠡᠭᠦᠦ ᠮᠡᠲᠦ ᠵᠢᠷᠪᠠᠯᠵᠠᠵᠤ ᠤᠲᠠᠰᠤ ᠮᠡᠲᠦ ᠤᠯᠠᠯᠵᠠᠵᠤ ᠶᠠᠪᠤᠨ᠎ᠠ᠂ ᠡᠢᠮᠦ ᠵᠡᠭᠦᠳᠦ ᠮᠢᠨᠢ ᠬᠡᠷᠪᠡ ᠦᠨᠡᠨ ᠪᠣᠯ ᠵᠢᠷᠭᠤᠭᠠᠨ ᠰᠠᠢᠳ ᠮᠢᠨᠢ ᠲᠠ ᠨᠠᠷ ᠶᠠᠭᠠᠬᠢᠬᠤ ᠪᠣᠢ?》 ᠭᠡᠵᠦ ᠠᠰᠠᠭᠤᠪᠠᠯ᠂ ᠰᠢᠭᠢᠬᠤᠲᠤᠭ ᠬᠡᠯᠡᠪᠡ᠄
《ᠬᠣᠯᠠ ᠣᠢᠷ᠎ᠠ ᠶ᠋ᠢ ᠬᠠᠷᠠᠭᠴᠢ ᠬᠣᠶᠠᠷ ᠬᠤᠷᠴᠠ ᠨᠢᠳᠦ ᠪᠡᠷ ᠢ᠋ᠶ᠋ᠡᠨ ᠮᠣᠩᠭ᠋ᠣᠯ ᠠᠢᠮᠠᠭ ᠢ᠋ ᠮᠣᠬᠣᠲᠠᠯ᠎ᠠ ᠮᠡᠷᠭᠢᠳ ᠠᠢᠮᠠᠭ ᠢ᠋ ᠮᠡᠩᠳᠡᠷᠡᠲᠡᠯ᠎ᠡ ᠲᠠᠢᠴᠢᠭᠤᠳ ᠠᠢᠮᠠᠭ ᠢ᠋ ᠳᠠᠯᠳᠢᠷᠠᠲᠠᠯ᠎ᠠ ᠰᠠᠷ᠎ᠠ ᠶ᠋ᠢᠨ ᠭᠠᠵᠠᠷ ᠢ᠋ ᠰᠠᠷᠠᠪᠴᠢᠯᠠᠨ ᠬᠠᠷᠠᠵᠤ ᠵᠢᠯ ᠦ᠋ᠨ ᠭᠠᠵᠠᠷ ᠢ᠋ ᠵᠢᠯᠪᠠᠴᠢᠯᠠᠨ ᠦᠵᠡᠵᠦ ᠬᠠᠷ᠎ᠠ ᠨᠢᠳᠦᠨ ᠦ᠌ ᠴᠡᠴᠡᠭᠡᠢ ᠪᠡᠷ ᠬᠠᠭᠠᠨ ᠴᠢᠮ᠎ᠠ ᠳ᠋ᠠᠭᠠᠨ ᠲᠤᠰᠠᠯᠠᠶ᠎ᠠ ᠡᠷᠭᠢᠬᠦ ᠨᠢᠳᠦᠨ ᠦ᠌ ᠬᠠᠷᠠᠴᠠ ᠪᠠᠷ ᠡᠵᠡᠨ ᠴᠢᠮ᠎ᠠ ᠳ᠋ᠠᠭᠠᠨ ᠲᠤᠰᠠᠯᠠᠶ᠎ᠠ》 ᠭᠡᠪᠡ᠃
ᠵᠡᠯᠮ᠎ᠡ ᠬᠡᠯᠡᠪᠡ᠄
《ᠦᠬᠦᠬᠦ ᠠᠮᠢ ᠪᠠᠨ ᠬᠠᠢᠷᠠᠯᠠᠬᠤ ᠦᠭᠡᠢ ᠦᠭᠡᠢᠷᠡᠬᠦ ᠮᠠᠯ ᠢ᠋ᠶ᠋ᠠᠨ ᠬᠠᠷᠠᠮᠯᠠᠬᠤ ᠦᠭᠡᠢ ᠦᠵᠡᠯᠳᠦᠬᠦ ᠳᠠᠢᠰᠤᠨ ᠢ᠋ ᠦᠰᠦᠷᠲᠡᠯ᠎ᠡ ᠨᠢᠳᠤᠷᠴᠤ ᠬᠠᠷᠠᠭᠳᠠᠬᠤ ᠳᠠᠢᠰᠤᠨ ᠢ᠋ ᠬᠠᠯᠲᠤᠷᠢᠲᠠᠯ᠎ᠠ ᠳᠠᠭᠠᠷᠢᠵᠤ ᠵᠠᠮ ᠳ᠋ᠠᠭᠠᠨ ᠲᠣᠬᠢᠶᠠᠯᠳᠤᠭᠰᠠᠨ ᠢ᠋ ᠵᠠᠳᠠ ᠴᠣᠬᠢᠵᠤ ᠮᠥᠷ ᠲᠦ᠍ ᠲᠣᠬᠢᠶᠠᠯᠳᠤᠭᠰᠠᠨ ᠢ᠋ ᠮᠥᠯᠲᠥ ᠴᠣᠬᠢᠵᠤ ᠬᠠᠷ᠎ᠠ ᠲᠤᠭ ᠢ᠋ ᠨᠢ ᠬᠠᠮᠣᠷᠠᠨ ᠠᠪᠴᠤ ᠪᠠᠷᠢᠭᠰᠠᠨ ᠬᠥᠮᠦᠨ ᠢ᠋ ᠨᠢ ᠪᠠᠢᠯᠳᠤᠨ ᠠᠯᠠᠵᠤ ᠬᠡᠢᠰᠬᠦ ᠲᠤᠭ ᠢ᠋ ᠨᠢ ᠭᠢᠰᠬᠢᠨ ᠳᠡᠪᠰᠡᠵᠦ ᠤᠷᠠᠩᠬᠠᠢ ᠲᠤᠭ ᠢ᠋ ᠨᠢ ᠤᠯᠠ ᠳ᠋ᠠᠭᠠᠨ ᠭᠢᠰᠬᠢᠵᠦ ᠳᠠᠢᠰᠤᠨ ᠤ᠋ ᠰᠦᠷ ᠢ᠋ ᠳᠠᠷᠤᠨ ᠰᠥᠨᠥᠭᠡᠵᠦ ᠳᠠᠬᠢᠨ ᠪᠣᠰᠬᠤ ᠴᠢᠳᠠᠯ ᠢ᠋ ᠨᠢ ᠮᠥᠬᠥᠭᠡᠶ᠎ᠡ》 ᠭᠡᠪᠡ᠃
ᠴᠤᠤ ᠮᠡᠷᠭᠡᠨ ᠬᠡᠯᠡᠪᠡ᠄
《ᠳᠣᠪᠲᠣᠯᠤᠨ ᠣᠷᠣᠬᠤ ᠴᠢᠳᠠᠯ ᠦᠭᠡᠢ ᠪᠣᠯᠪᠠᠴᠤ ᠲᠣᠭᠲᠠᠭᠰᠠᠨ ᠢ᠋ ᠪᠠᠲᠤᠳᠬᠠᠬᠤ ᠴᠢᠳᠠᠯ ᠲᠠᠢ ᠪᠢ ᠡᠷᠴᠢᠯᠡᠨ ᠳᠠᠭᠠᠷᠢᠬᠤ ᠴᠢᠳᠠᠯ ᠦᠭᠡᠢ ᠪᠣᠯᠪᠠᠴᠤ ᠡᠪᠳᠡᠷᠡᠭᠰᠡᠨ ᠢ᠋ ᠰᠡᠯᠪᠢᠬᠦ ᠴᠢᠳᠠᠯ ᠲᠠᠢ ᠪᠢ ᠤᠤᠯᠢᠬᠠᠢ ᠵᠠᠩ ᠲᠠᠢ ᠴᠤᠤ ᠮᠡᠷᠭᠡᠨ ᠪᠢ ᠤᠤᠯᠭᠠᠯᠠᠨ ᠣᠷᠣᠬᠤ ᠴᠠᠭ ᠪᠣᠯᠬᠤ ᠳ᠋ᠤ᠌ ᠤᠬᠤᠷᠢᠨ ᠵᠢᠭᠤᠲᠠᠬᠤ ᠮᠠᠭᠠᠳ ᠦᠭᠡᠢ ᠶ᠋ᠢ ᠤᠷᠢᠳᠠ ᠠ᠋ᠴᠠ ᠬᠠᠭᠠᠨ ᠳ᠋ᠠᠭᠠᠨ ᠬᠡᠯᠡᠶ᠎ᠡ᠂ ᠤᠯᠤᠰ ᠣᠷᠣᠨ ᠢ᠋ᠶ᠋ᠠᠨ ᠲᠣᠭᠲᠠᠭᠠᠭᠰᠠᠨ ᠬᠣᠢᠨ᠎ᠠ ᠤᠴᠢᠷᠲᠠᠢ ᠦᠭᠡ ᠪᠡᠷ ᠢ᠋ᠶ᠋ᠡᠨ ᠲᠤᠰᠠᠯᠠᠵᠤ ᠴᠢᠳᠠᠨ᠎ᠠ᠂ ᠬᠠᠷᠢ ᠳᠠᠢᠰᠤᠨ ᠢ᠋ ᠳᠣᠪᠲᠣᠯᠬᠤ ᠴᠠᠭ ᠲᠤ᠌ ᠬᠠᠭᠠᠨ ᠡᠵᠡᠨ ᠴᠢᠩᠭᠢᠰ ᠴᠢᠮ᠎ᠠ ᠳ᠋ᠤ᠌ ᠬᠠᠰᠢᠷ ᠮᠢᠨᠦ ᠪᠣᠯᠭᠣᠮᠵᠢᠲᠤ ᠦᠭᠡ ᠬᠠᠶᠠ ᠪᠣᠯᠪᠠᠴᠤ ᠲᠤᠰᠠ ᠪᠣᠯᠤᠨ᠎ᠠ》 ᠭᠡᠪᠡ᠃
ᠪᠣᠭᠣᠷᠴᠤ ᠬᠡᠯᠡᠪᠡ᠄
《ᠥᠷᠢᠰᠦᠯᠳᠦᠨ ᠢᠷᠡᠬᠦ ᠳᠠᠢᠰᠤᠨ ᠤ᠋ ᠡᠮᠦᠨᠡᠬᠢ ᠵᠠᠮ ᠢ᠋ ᠪᠥᠭᠯᠡᠵᠦ ᠬᠠᠯᠳᠠᠨ ᠢᠷᠡᠬᠦ ᠳᠠᠢᠰᠤᠨ ᠤ᠋ ᠬᠠᠷᠠᠢᠬᠤ ᠵᠠᠮ ᠢ᠋ ᠬᠠᠭᠠᠵᠤ ᠠᠴᠢᠲᠤ ᠡᠵᠡᠨ ᠴᠢᠨᠦ ᠠᠮᠢ ᠪᠡᠶ᠎ᠡ ᠶ᠋ᠢ ᠬᠠᠮᠠᠭᠠᠯᠠᠵᠤ ᠠᠯᠲᠠᠨ ᠵᠢᠯᠣᠭᠣ ᠶ᠋ᠢ ᠴᠢᠨᠢ ᠠᠯᠳᠠᠯ ᠦᠭᠡᠢ ᠳᠠᠭᠠᠵᠤ ᠬᠠᠨᠳᠤᠭᠰᠠᠨ ᠵᠦᠭ ᠲᠦ᠍ ᠴᠢᠨᠢ ᠬᠠᠭᠠᠴᠠᠯ ᠦᠭᠡᠢ ᠶᠠᠪᠤᠶ᠎ᠠ》 ᠭᠡᠪᠡ᠃
 ᠪᠣᠷᠣᠬᠤᠯ ᠬᠡᠯᠡᠪᠡ᠄
《ᠬᠠᠷᠪᠤᠬᠤ ᠰᠤᠮᠤᠨ ᠤ᠋ ᠬᠠᠯᠬᠠᠪᠴᠢ ᠪᠣᠯᠵᠤ ᠬᠠᠩᠭᠢᠨᠠᠬᠤ ᠵᠡᠪᠡ ᠶ᠋ᠢᠨ ᠪᠠᠮᠪᠠᠢ ᠪᠣᠯᠵᠤ ᠢᠲᠡᠭᠡᠯᠲᠦ ᠡᠵᠡᠨ ᠴᠢᠨᠦ ᠢᠳᠡᠲᠦ ᠪᠡᠶ᠎ᠡ ᠳ᠋ᠦ᠍ ᠢᠷᠲᠦ ᠮᠡᠰᠡ ᠪᠦᠦ ᠬᠦᠷᠭᠡᠶ᠎ᠡ》 ᠭᠡᠪᠡ᠃
ᠮᠤᠬᠤᠯᠠᠢ ᠬᠡᠯᠡᠪᠡ᠄
《ᠳᠠᠢᠰᠤᠨ ᠢ᠋ ᠳᠠᠷᠤᠵᠤ ᠣᠯᠵᠠ ᠶ᠋ᠢ ᠣᠷᠣᠭᠤᠯᠵᠤ ᠢᠷᠡᠬᠦ ᠳᠠᠢᠰᠤᠨ ᠤ᠋ ᠢᠷ ᠢ᠋ ᠮᠣᠬᠣᠭᠠᠵᠤ᠂ ᠪᠤᠴᠠᠬᠤ ᠳᠠᠢᠰᠤᠨ ᠢ᠋ ᠪᠤᠯᠲᠤ ᠶ᠋ᠢ ᠬᠢᠳᠤᠵᠤ ᠬᠦᠯᠦᠭ ᠮᠣᠷᠢᠨ ᠤ᠋ ᠪᠠᠨ ᠰᠡᠭᠦᠯ ᠳᠡᠭᠡᠭᠦᠷ ᠬᠦᠳᠡᠩ ᠮᠠᠨᠠᠨ ᠲᠠᠲᠠᠭᠤᠯᠵᠤ ᠤᠨᠤᠭᠰᠠᠨ ᠮᠣᠷᠢᠨ ᠤ᠋ ᠪᠠᠨ ᠳᠡᠯ ᠳᠡᠭᠡᠭᠦᠷ ᠤᠷᠭᠤᠬᠤ ᠰᠠᠢᠬᠠᠨ ᠨᠠᠷᠠᠨ ᠤ᠋ ᠤᠯᠠᠭᠠᠨ ᠭᠡᠷᠡᠯ ᠢ᠋ ᠰᠠᠴᠤᠷᠠᠭᠤᠯᠵᠤ ᠪᠠᠢᠯᠳᠤᠭᠠᠨ ᠪᠦᠬᠦᠨ ᠳ᠋ᠦ᠍ ᠢᠯᠠᠭᠰᠠᠨ ᠪᠠᠶᠠᠷ ᠲᠠᠢ ᠰᠠᠢᠬᠠᠨ ᠮᠡᠳᠡᠭᠡ ᠶ᠋ᠢ ᠪᠠᠭᠠᠲᠤᠷ ᠴᠢᠮ᠎ᠠ ᠳ᠋ᠠᠭᠠᠨ ᠬᠦᠷᠭᠡᠶ᠎ᠡ》 ᠭᠡᠪᠡ᠃
ᠴᠢᠩᠭᠢᠰ᠄
ᠰᠢᠯᠢᠳᠡᠭ ᠵᠢᠷᠭᠤᠭᠠᠨ ᠰᠠᠢᠳ ᠤ᠋ᠨ ᠰᠢᠢᠳᠪᠦᠷᠢᠲᠡᠢ ᠦᠭᠡ ᠶ᠋ᠢ ᠰᠣᠨᠣᠰᠴᠤ ᠰᠢᠷᠠᠭᠰᠠᠨ ᠳᠠᠬᠢ ᠶ᠋ᠢᠨ ᠮᠢᠬᠠᠨ ᠠ᠋ᠴᠠ ᠱᠠᠯᠠᠮᠠᠭᠠᠢᠯᠠᠨ ᠢᠳᠡᠵᠦ ᠳᠠᠭᠤᠰᠤᠭᠠᠳ ᠰᠢᠷᠭᠠᠯ ᠮᠣᠷᠢᠨ ᠤ᠋ ᠴᠤᠯᠪᠤᠭᠤᠷ ᠢ᠋ ᠰᠢᠭᠢᠬᠤᠲᠤᠭ ᠲᠤ᠌ ᠥᠭᠴᠦ 《ᠦᠵᠡᠭᠰᠡᠨ ᠵᠡᠭᠦᠳᠦᠨ ᠦ᠌ ᠮᠢᠨᠢ ᠦᠨᠡᠨ ᠬᠤᠳᠠᠯ ᠢ᠋ ᠮᠡᠳᠡ》 ᠭᠡᠵᠦ ᠶᠠᠪᠤᠭᠤᠯᠪᠠ᠃ ᠰᠢᠭᠢᠬᠤᠲᠤᠭ᠂ ᠰᠢᠩᠬᠤᠨ ᠰᠢᠷᠭᠠᠯ ᠮᠣᠷᠢ ᠶ᠋ᠢ ᠨᠢ ᠤᠨᠤᠭᠠᠳ ᠲᠠᠯ᠎ᠠ ᠭᠠᠵᠠᠷ ᠲᠠᠯᠪᠢᠭᠤᠯᠵᠤ ᠲᠠᠢᠭ᠎ᠠ ᠭᠠᠵᠠᠷ ᠠᠯᠬᠤᠭᠤᠯᠵᠤ ᠬᠥᠨᠳᠡᠢ ᠭᠠᠵᠠᠷ ᠬᠠᠲᠠᠷᠢᠭᠤᠯᠵᠤ ᠬᠥᠪᠴᠢ ᠭᠠᠵᠠᠷ ᠰᠠᠵᠢᠯᠠᠭᠤᠯᠵᠤ᠂ ᠰᠢᠷ᠎ᠠ ᠳᠡᠪᠰᠡᠭ ᠲᠦ᠍ ᠬᠦᠷᠦᠭᠡᠳ ᠰᠢᠯᠭᠠᠵᠤ ᠰᠠᠢᠲᠤᠷ ᠬᠠᠷᠠᠪᠠᠯ ᠪᠠᠷᠠᠭᠠᠨ ᠲᠤᠭ ᠢ᠋ ᠬᠡᠢᠰᠬᠡᠭᠰᠡᠨ ᠪᠠᠯᠠᠮᠠᠳ ᠳᠠᠢᠰᠤᠨ ᠤ᠋ ᠴᠡᠷᠢᠭ ᠪᠠᠴᠢᠮᠠᠭ ᠲᠤᠯᠭᠠᠷᠠᠬᠤ ᠳ᠋ᠤ᠌ ᠪᠠᠭᠠᠲᠤᠷ ᠰᠢᠭᠢᠬᠤᠲᠤᠭ ᠪᠠᠢᠭᠰᠠᠨ ᠭᠠᠵᠠᠷ ᠤ᠋ᠨ ᠵᠦᠭ ᠪᠠᠴᠢᠮᠳᠠᠨ ᠳᠠᠪᠬᠢᠵᠤ ᠢᠷᠡᠭᠡᠳ᠄
《ᠰᠢᠷ᠎ᠠ ᠳᠡᠪᠰᠡᠭ ᠳᠡᠭᠡᠷ᠎ᠡ ᠴᠣᠴᠢᠮᠠᠭ ᠭᠠᠷᠴᠤ ᠣᠴᠢᠪᠠᠯ ᠭᠤᠷᠪᠠᠨ ᠵᠠᠭᠤᠨ ᠳᠠᠢᠰᠤᠨ ᠲᠠᠢ ᠪᠠᠴᠢᠮᠠᠭ ᠲᠤᠯᠭᠠᠷᠠᠵᠤ ᠠᠭᠤᠯᠵᠠᠪᠠ᠃ ᠲᠠᠢᠴᠢᠭᠤᠳ ᠢ᠋ ᠲᠠᠨᠢᠭᠰᠠᠨ ᠦᠭᠡᠢ ᠮᠡᠷᠭᠢᠳ ᠢ᠋ ᠮᠠᠲᠠᠭᠰᠠᠨ ᠦᠭᠡᠢ ᠮᠣᠩᠭ᠋ᠣᠯ ᠢ᠋ ᠮᠣᠬᠣᠲᠠᠯ᠎ᠠ ᠬᠠᠷᠠᠵᠤ ᠴᠢᠳᠠᠭᠰᠠᠨ ᠦᠭᠡᠢ ᠬᠣᠢᠰᠢ ᠪᠠᠨ ᠭᠠᠭᠴᠠᠬᠠᠨ ᠬᠢᠯᠠᠮᠬᠢᠵᠤ ᠦᠵᠡᠬᠦ ᠳ᠋ᠦ᠍ ᠡᠵᠡᠨ ᠦ᠌ ᠵᠡᠭᠦᠳᠦᠨ ᠳ᠋ᠦ᠍ ᠦᠵᠡᠭᠰᠡᠨ ᠳᠠᠢᠰᠤᠨ ᠲᠠᠢ ᠠᠳᠠᠯᠢ ᠮᠡᠲᠦ ᠪᠠᠢᠨ᠎ᠠ》 ᠭᠡᠪᠡ᠃ ᠲᠡᠭᠡᠬᠦ ᠳ᠋ᠦ᠍ ᠵᠢᠷᠭᠤᠭᠠᠨ ᠰᠠᠢᠳ ᠬᠤᠶᠠᠭ ᠢ᠋ᠶ᠋ᠠᠨ ᠡᠮᠦᠰᠴᠦ᠂ ᠪᠠᠮᠪᠠᠢ ᠪᠠᠨ ᠵᠡᠭᠦᠵᠦ᠂ ᠪᠠᠢᠯᠳᠤᠭᠠᠨ ᠳ᠋ᠤ᠌ ᠪᠡᠯᠡᠳᠴᠦ ᠪᠠᠢᠲᠠᠯ᠎ᠠ ᠳᠠᠢᠰᠤᠨ ᠤ᠋ ᠴᠡᠷᠢᠭ ᠬᠦᠷᠴᠦ ᠢᠷᠡᠪᠡ᠃ ᠰᠠᠢᠳ ᠪᠠᠭᠠᠲᠤᠷ ᠪᠣᠭᠣᠷᠴᠤ ᠰᠠᠷᠠᠯ ᠮᠣᠷᠢᠨ ᠳ᠋ᠤ᠌ ᠪᠠᠨ ᠮᠣᠷᠳᠠᠵᠤ ᠰᠠᠮᠠᠭᠤᠨ ᠳᠠᠢᠰᠤᠨ ᠤ᠋ ᠡᠮᠦᠨ᠎ᠡ ᠡᠴᠡ ᠰᠠᠮᠪᠠᠭ᠎ᠠ ᠶ᠋ᠢ ᠣᠯᠵᠤ ᠣᠴᠢᠭᠠᠳ ᠰᠠᠨᠠᠭ᠎ᠠ ᠵᠣᠷᠢᠭ ᠢ᠋ ᠨᠢ ᠠᠰᠠᠭᠤᠷᠤᠨ᠄
《ᠲᠠ᠂ ᠶᠠᠭᠤᠨ ᠬᠥᠮᠦᠨ ᠪᠣᠢ? ᠶᠣᠰᠣᠲᠤ ᠬᠥᠮᠦᠨ ᠪᠣᠯ ᠶᠣᠰᠣ ᠪᠠᠨ ᠬᠡᠯᠡ! ᠨᠡᠷᠡᠲᠦ ᠬᠥᠮᠦᠨ ᠪᠣᠯ ᠨᠡᠷ᠎ᠡ ᠪᠡᠨ ᠬᠡᠯᠡ》 ᠭᠡᠪᠡᠯ ᠲᠡᠳᠡ ᠥᠭᠦᠯᠡᠷᠦᠨ᠄
《ᠨᠡᠷ᠎ᠡ ᠪᠡᠨ ᠠᠰᠠᠭᠣᠴᠠᠬᠣ ᠪᠠᠷ ᠢᠷᠡᠭᠡ ᠦᠭᠡᠢ ᠪᠢᠳᠡ ᠨᠡᠪᠰᠢᠷᠡᠲᠡᠯ᠎ᠡ ᠪᠠᠢᠯᠳᠤᠬᠤ ᠪᠠᠷ ᠢᠷᠡᠯ᠎ᠡ ᠪᠢᠳᠡ》
ᠪᠣᠭᠣᠷᠴᠤ ᠬᠡᠯᠡᠪᠡ᠄
《ᠨᠠᠳᠠᠳᠤ ᠤᠴᠢᠷ ᠢ᠋ᠶ᠋ᠠᠨ ᠬᠡᠯᠡᠪᠡᠯ ᠨᠠᠢᠷᠠᠮᠳᠠᠯ ᠢ᠋ᠶ᠋ᠠᠷ ᠥᠷᠥᠰᠢᠶᠡᠵᠦ ᠪᠣᠯᠤᠨ᠎ᠠ ᠨᠠᠭᠠᠳᠣᠬᠣ ᠲᠤᠯᠬᠤ ᠰᠠᠨᠠᠭ᠎ᠠ ᠲᠠᠢ ᠪᠣᠯ ᠨᠠᠷᠠᠨ ᠤ᠋ ᠭᠠᠯ ᠲᠠᠢ ᠳ᠋ᠤ᠌ ᠡᠬᠢᠯᠡᠶ᠎ᠡ》 ᠭᠡᠪᠡ᠃
ᠲᠡᠭᠡᠬᠦ ᠳ᠋ᠦ᠍ ᠴᠠᠭᠠᠳᠤᠬᠢ ᠬᠥᠮᠦᠨ ᠬᠡᠯᠡᠷᠦᠨ᠄
《ᠲᠠᠨ ᠳ᠋ᠤ᠌ ᠬᠡᠯᠡᠬᠦ ᠰᠠᠢᠨ ᠨᠡᠷ᠎ᠡ ᠪᠢᠳᠡᠨ ᠳ᠋ᠦ᠍ ᠦᠭᠡᠢ ᠲᠠᠷᠪᠠᠭᠠᠴᠢᠨ ᠵᠢᠭᠠᠰᠤᠴᠢᠨ ᠬᠥᠮᠦᠨ ᠪᠢᠳᠡ》 ᠭᠡᠪᠡ᠃
ᠲᠡᠭᠡᠬᠦ ᠳ᠋ᠦ᠍ ᠰᠢᠭᠢᠬᠤᠲᠤᠭ ᠥᠭᠦᠯᠡᠷᠦᠨ᠄
《ᠲᠡᠳᠡᠨ ᠡᠴᠡ ᠦᠭᠡ ᠠᠰᠠᠭᠤᠬᠤ ᠬᠡᠷᠡᠭ ᠦᠭᠡᠢ᠂ ᠲᠠᠨᠢᠭᠰᠠᠨ ᠲᠠᠢᠴᠢᠭᠤᠳ ᠪᠠᠢᠨ᠎ᠠ᠂ ᠲᠠᠲᠠᠭᠠᠯᠵᠠᠯ ᠦᠭᠡᠢ ᠪᠠᠢᠯᠳᠤᠶ᠎ᠠ》 ᠭᠡᠪᠡ᠃  ᠪᠣᠷᠣᠬᠤᠯ ᠪᠠᠭᠤᠨ ᠭᠦᠶᠦᠵᠦ᠂ ᠪᠣᠷᠣ ᠪᠠᠮᠪᠠᠢ ᠪᠠᠨ ᠠᠪᠴᠤ᠂ ᠪᠣᠭᠳᠠ ᠡᠵᠡᠨ ᠢ᠋ᠶ᠋ᠡᠨ ᠬᠠᠮᠠᠭᠠᠯᠠᠨ ᠵᠣᠭᠰᠣᠪᠠ᠃ ᠵᠠᠯᠮ᠎ᠠ᠂ ᠬᠥᠨᠳᠡᠯᠡᠨ ᠡᠲᠡᠭᠡᠳ ᠡᠴᠡ ᠢᠯᠳᠦ ᠪᠠᠷᠢᠵᠤ ᠣᠷᠣᠭᠠᠳ ᠮᠥᠷ ᠲᠦ᠍ ᠲᠣᠬᠢᠶᠠᠯᠳᠤᠭᠰᠠᠨ ᠢ᠋ ᠵᠠᠮ ᠭᠠᠷᠲᠠᠯ᠎ᠠ ᠴᠠᠪᠴᠢᠵᠤ ᠭᠤᠷᠪᠠᠨ ᠬᠠᠷ᠎ᠠ ᠲᠤᠭ ᠢ᠋ ᠨᠢ ᠭᠤᠯᠳᠤ ᠲᠠᠲᠠᠵᠤ ᠠᠪᠤᠭᠠᠳ ᠠᠭᠤᠯᠠᠨ ᠳᠡᠭᠡᠷ᠎ᠡ ᠠᠪᠠᠴᠢᠵᠤ ᠤᠷᠤᠭᠤ ᠬᠠᠷᠠᠭᠤᠯᠤᠨ ᠬᠠᠳᠬᠤᠪᠠ᠃ᠴᠤᠤ ᠮᠡᠷᠭᠡᠨ ᠬᠡᠳᠦᠢ ᠨᠢ ᠳᠤᠲᠠᠭᠠᠵᠠᠢ᠃ ᠪᠣᠭᠣᠷᠴᠤ ᠤᠷᠤᠭᠰᠢ ᠪᠠᠨ ᠠᠯᠠᠯᠳᠤᠵᠤ ᠶᠠᠪᠤᠬᠤ ᠵᠠᠭᠤᠷ᠎ᠠ ᠬᠣᠢᠰᠢ ᠪᠠᠨ ᠴᠤᠤ ᠮᠡᠷᠭᠡᠨ ᠢ᠋ ᠬᠠᠷᠠᠵᠤ ᠥᠭᠦᠯᠡᠷᠦᠨ᠄ 《ᠦᠢ᠂ ᠴᠤᠤ ᠮᠡᠷᠭᠡᠨ᠂ ᠪᠠᠢᠵᠠ! ᠡᠵᠡᠨ ᠬᠠᠭᠠᠨ ᠤ᠋ ᠲᠥᠯᠥᠭᠡ ᠢᠩᠭᠢᠵᠦ ᠵᠢᠳᠬᠦᠳᠡᠭ ᠪᠢᠯᠢᠤ! ᠨᠦᠬᠡᠨ ᠡᠴᠡ ᠭᠠᠷᠤᠭᠰᠠᠨ ᠠᠯᠠᠭᠳᠠᠭ᠎ᠠ ᠮᠡᠲᠦ ᠭᠣᠳᠬᠢᠨ ᠵᠢᠭᠤᠲᠠᠬᠤ ᠴᠢᠨᠢ ᠶᠠᠭᠤ ᠪᠣᠢ?》 ᠭᠡᠪᠡᠯ᠂ ᠴᠤᠤ ᠮᠡᠷᠭᠡᠨ ᠡᠷᠭᠢᠵᠦ ᠢᠷᠡᠭᠡᠳ ᠢᠨᠢᠶᠡᠵᠦ ᠥᠭᠦᠯᠡᠷᠦᠨ᠄
《ᠵᠡᠷᠭᠡᠯᠳᠦᠨ ᠪᠠᠢᠯᠳᠤᠶ᠎ᠠ ᠭᠡᠬᠦ ᠳ᠋ᠦ᠍᠂ ᠵᠡᠪᠡ ᠳᠤᠲᠠᠭᠠᠳ ᠪᠠᠢᠨ᠎ᠠ》 ᠭᠡᠪᠡᠯ᠂ ᠡᠵᠡᠨ ᠠᠯᠲᠠᠨ ᠰᠠᠭᠠᠳᠠᠭ ᠠ᠋ᠴᠠ ᠪᠠᠨ ᠰᠢᠩᠬᠤᠲᠤ ᠵᠡᠪᠡ ᠪᠡᠨ ᠰᠤᠭᠤᠯᠵᠤ ᠥᠭᠪᠡ᠃ ᠴᠤᠤ ᠮᠡᠷᠭᠡᠨ᠂ ᠰᠢᠩᠬᠤᠨ ᠵᠡᠪᠡ ᠶ᠋ᠢ ᠰᠤᠮᠤᠯᠠᠨ ᠲᠠᠲᠠᠵᠤ᠂ ᠰᠤᠨᠢᠶᠠᠯᠭᠠᠨ ᠳᠡᠯᠢᠵᠦ᠂ ᠡᠷᠢᠬᠡᠳᠡᠨ ᠰᠣᠢᠵᠤ᠂ ᠡᠷᠭᠢᠭᠦᠯᠦᠨ ᠴᠢᠬᠯᠠᠬᠥᠯᠵᠦ᠂ ᠳᠠᠢᠰᠤᠨ ᠤ᠋ ᠲᠡᠷᠢᠭᠦᠨ ᠢ᠋ ᠲᠠᠰᠤ ᠬᠠᠷᠪᠤᠵᠤ᠂ ᠵᠡᠭᠡᠷᠳᠡ ᠬᠠᠯᠵᠠᠨ ᠮᠣᠷᠢ ᠶ᠋ᠢ ᠪᠠᠷᠢᠵᠤ ᠢᠷᠡᠭᠡᠳ ᠡᠵᠡᠨ ᠳ᠋ᠦ᠍ ᠣᠨᠣᠭᠤᠯᠪᠠ᠃ ᠡᠵᠡᠨ ᠲᠡᠷᠡ ᠮᠣᠷᠢ ᠶ᠋ᠢ ᠤᠨᠤᠵᠤ ᠦᠵᠡᠪᠡᠯ ᠨᠢᠰᠬᠦ ᠰᠢᠪᠠᠭᠤ᠂ ᠬᠡᠢᠰᠬᠦ ᠰᠠᠯᠬᠢ ᠮᠡᠲᠦ ᠪᠠᠢᠪᠠ᠃ ᠲᠡᠭᠡᠭᠡᠳ ᠵᠦᠷᠴᠢᠬᠦ ᠳᠠᠢᠰᠤᠨ ᠢ᠋ ᠴᠥᠬᠥᠷᠡᠭᠦᠯᠦᠨ ᠳᠠᠷᠤᠵᠤ᠂ ᠬᠠᠳᠬᠤᠯᠳᠤᠬᠤ ᠳᠠᠢᠰᠤᠨ ᠢ᠋ ᠬᠠᠭᠠᠰ ᠪᠣᠯᠭᠠᠵᠤ ᠪᠠᠢᠲᠠᠯ᠎ᠠ᠂ ᠪᠣᠷᠣᠬᠤᠯ ᠤ᠋ᠨ ᠲᠣᠯᠣᠭᠠᠢ ᠳ᠋ᠤ᠌ ᠰᠤᠮᠤ ᠲᠣᠰᠪᠠᠯ᠂ ᠲᠡᠷᠡ ᠳᠣᠷᠣᠭᠰᠢ ᠤᠨᠠᠵᠤ᠂ ᠨᠤᠮᠤ ᠪᠠᠨ ᠲᠡᠮᠲᠡᠷᠢᠵᠦ ᠠᠪᠤᠭᠠᠳ ᠰᠠᠯᠳᠠᠷᠬᠢᠯᠡᠨ ᠲᠦᠰᠢᠵᠦ ᠪᠠᠮᠪᠠᠢ ᠪᠠᠨ ᠠᠯᠳᠠᠯ ᠦᠭᠡᠢ ᠪᠠᠷᠢᠵᠤ ᠵᠣᠭᠰᠣᠨ᠎ᠠ᠂ ᠪᠣᠭᠣᠷᠴᠤ ᠣᠷᠣᠭᠰᠢ ᠪᠠᠨ ᠠᠯᠠᠯᠳᠤᠵᠤ ᠪᠠᠢᠬᠤ ᠵᠠᠭᠤᠷ᠎ᠠ᠂ ᠬᠣᠢᠰᠢ ᠪᠠᠨ ᠬᠠᠷᠠᠵᠤ ᠲᠡᠭᠦᠨ ᠳ᠋ᠦ᠍ ᠥᠭᠦᠯᠡᠷᠦᠨ᠄
《ᠡᠷ᠎ᠡ ᠬᠥᠮᠦᠨ ᠭᠠᠭᠴᠠ ᠰᠤᠮᠤᠨ ᠳ᠋ᠤ᠌ ᠤᠨᠠᠳᠠᠭ ᠪᠢᠯᠡ ᠤᠤ? ᠡᠪᠡᠷ ᠢ᠋ᠶ᠋ᠡᠨ ᠴᠣᠬᠢᠭᠤᠯᠤᠭᠰᠠᠨ ᠢᠰᠢᠭᠡ ᠮᠡᠲᠦ᠂ ᠡᠷᠡᠭᠡᠯᠵᠡᠨ ᠰᠠᠯᠭᠠᠨᠠᠬᠤ ᠴᠢᠨᠢ ᠶᠠᠭᠤ ᠪᠣᠢ?》 ᠭᠡᠪᠡᠯ᠂ ᠪᠣᠷᠣᠬᠤᠯ᠂ ᠮᠣᠷᠢᠨ ᠤ᠋ ᠪᠠᠨ ᠪᠤᠷᠤᠭᠤ ᠲᠠᠯ᠎ᠠ ᠠ᠋ᠴᠠ ᠬᠠᠷᠠᠢᠵᠤ ᠮᠣᠷᠳᠠᠭᠠᠳ ᠬᠠᠯᠬᠠᠪᠴᠢ ᠪᠠᠨ ᠪᠠᠷᠢᠵᠤ ᠬᠠᠢ᠌ᠬᠣᠷᠠᠯ ᠦᠭᠡᠢ ᠪᠠᠢᠯᠳᠤᠵᠤ ᠶᠠᠪᠤᠪᠠ᠂ ᠲᠡᠭᠡᠭᠡᠳ ᠬᠠᠯᠳᠠᠵᠤ ᠢᠷᠠᠭᠰᠠᠨ ᠳᠠᠢᠰᠤᠨ ᠠᠯᠠᠭᠳᠠᠭᠰᠠᠨ ᠬᠥᠮᠦᠨ ᠦ᠌ ᠪᠡᠨ ᠬᠡᠭᠦᠷ ᠢ᠋ ᠠᠪᠴᠤ ᠳᠤᠲᠠᠭᠠᠪᠠ᠃ ᠡᠵᠡᠨ ᠵᠠᠷᠯᠢᠭ ᠪᠣᠯᠤᠷᠤᠨ᠄ 《ᠪᠤᠷᠤᠭᠤ ᠬᠠᠨᠳᠤᠭᠰᠠᠨ ᠳᠠᠢᠰᠤᠨ ᠢ᠋ ᠶᠠᠭᠠᠬᠢᠬᠤ ᠪᠢᠯᠡ?》 ᠭᠡᠪᠡᠯ ᠪᠣᠭᠣᠷᠴᠤ ᠥᠭᠦᠯᠡᠷᠦᠨ᠄
《ᠪᠤᠷᠬᠠᠨ ᠪᠣᠯᠤᠭᠰᠠᠨ ᠬᠥᠮᠦᠨ ᠢ᠋ ᠪᠤᠶᠠᠨ ᠢ᠋ᠶ᠋ᠠᠷ ᠦᠳᠡᠳᠡᠭ ᠪᠤᠷᠤᠭᠤ ᠬᠠᠨᠳᠤᠭᠰᠠᠨ ᠳᠠᠢᠰᠤᠨ ᠢ᠋ ᠵᠠᠷ ᠵᠡᠪᠡ ᠪᠡᠷ ᠦᠳᠡᠳᠡᠭ᠂ ᠨᠡᠬᠡᠶ᠎ᠡ》 ᠭᠡᠪᠡᠯ᠂ ᠲᠡᠷᠡ ᠦᠭᠡ ᠶ᠋ᠢ ᠡᠵᠡᠨ ᠵᠥᠪᠰᠢᠶᠡᠷᠡᠵᠦ ᠨᠡᠬᠡᠪᠡ᠂ ᠴᠠᠢᠲᠤ ᠶ᠋ᠢᠨ ᠴᠠᠭᠠᠨ ᠲᠠᠯ᠎ᠠ ᠳ᠋ᠤ᠌ ᠳᠠᠢᠰᠤᠨ ᠢ᠋ ᠭᠦᠢᠴᠡᠭᠡᠳ᠂ ᠣᠯᠠᠨ ᠬᠣᠨᠢᠨ ᠳ᠋ᠤ᠌ ᠣᠷᠣᠭᠰᠠᠨ ᠴᠢᠨᠣ᠎ᠠ ᠮᠡᠲᠦ ᠴᠠᠪᠴᠢᠵᠤ ᠨᠢᠭᠡ ᠵᠠᠭᠤᠨ ᠬᠥᠮᠦᠨ ᠢ᠋ ᠠᠯᠠᠪᠠ᠃ ᠬᠣᠶᠠᠷ ᠵᠠᠭᠤᠨ ᠬᠥᠮᠦᠨ ᠳᠤᠲᠠᠭᠠᠪᠠ᠃ ᠡᠨᠡ ᠪᠠᠢᠯᠳᠤᠭᠠᠨ ᠳ᠋ᠤ᠌ ᠵᠠᠭᠤᠨ ᠮᠣᠷᠢ᠂ ᠲᠠᠪᠢᠨ ᠬᠤᠶᠠᠭ ᠣᠯᠵᠠᠯᠠᠵᠤ ᠠᠪᠪᠠ᠃ ᠲᠡᠷᠡ ᠴᠠᠭ ᠲᠤ᠌ ᠴᠢᠩᠭᠢᠰ ᠬᠠᠭᠠᠨ ᠲᠩᠷᠢ ᠡᠴᠢᠭᠡ ᠳ᠋ᠡᠭᠡᠨ ᠮᠥᠷᠭᠥᠶ᠎ᠡ ᠭᠡᠵᠦ ᠳᠣᠪᠣᠴᠠᠭ ᠥᠨᠳᠥᠷ ᠳᠡᠭᠡᠷ᠎ᠡ ᠭᠠᠷᠴᠤ᠂ ᠲᠣᠬᠣᠮ ᠢ᠋ᠶ᠋ᠠᠨ ᠳᠡᠯᠭᠡᠵᠦ ᠲᠠᠯᠪᠢᠭᠠᠳ ᠪᠦᠰᠡ ᠪᠡᠨ ᠬᠦᠵᠦᠭᠦᠨ ᠳ᠋ᠡᠭᠡᠨ ᠡᠯᠭᠦᠵᠦ ᠵᠠᠯᠪᠠᠷᠢᠨ ᠥᠴᠢᠪᠡ᠄
《ᠡᠷᠡᠮᠡᠬᠡᠢ ᠰᠠᠢᠨ ᠢ᠋ᠶ᠋ᠠᠷ ᠡᠵᠡᠨ ᠡᠰᠡ ᠪᠣᠯᠤᠯ᠎ᠠ ᠪᠢ ᠡᠷᠬᠡᠲᠦ ᠲᠩᠷᠢ ᠡᠴᠢᠭᠡ ᠶ᠋ᠢᠨ ᠬᠠᠢᠷ᠎ᠠ ᠪᠠᠷ ᠡᠵᠡᠨ ᠪᠣᠯᠤᠯ᠎ᠠ ᠪᠢ᠃ ᠡᠴᠢᠭᠡ ᠲᠩᠷᠢ ᠶ᠋ᠢᠨ ᠠᠴᠢ ᠪᠠᠷ ᠡᠰᠡᠷᠭᠦ ᠳᠠᠢᠰᠤᠨ ᠢ᠋ᠶ᠋ᠠᠨ ᠳᠠᠷᠤᠯ᠎ᠠ ᠪᠢ ᠬᠠᠮᠤᠷᠤᠭᠴᠢ ᠰᠠᠢᠨ ᠢ᠋ᠶ᠋ᠠᠷ ᠬᠠᠭᠠᠨ ᠡᠰᠡ ᠪᠣᠯᠤᠯ᠎ᠠ ᠪᠢ ᠬᠠᠨ ᠲᠩᠷᠢ ᠡᠴᠢᠭᠡ ᠶ᠋ᠢᠨ ᠬᠠᠢᠷ᠎ᠠ ᠪᠠᠷ ᠡᠵᠡᠨ ᠪᠣᠯᠤᠯ᠎ᠠ ᠪᠢ ᠬᠠᠨ ᠲᠩᠷᠢ ᠡᠴᠢᠭᠡ ᠶ᠋ᠢᠨ ᠥᠷᠥᠰᠢᠶᠡᠯ ᠢ᠋ᠶ᠋ᠡᠷ ᠬᠠᠷᠢ ᠳᠠᠢᠰᠤᠨ ᠢ᠋ ᠳᠠᠷᠤᠯ᠎ᠠ ᠪᠢ》 ᠭᠡᠵᠦ ᠮᠥᠷᠭᠥᠪᠡ᠃ ᠲᠡᠨᠳᠡ ᠡᠴᠡ ᠮᠣᠷᠳᠠᠵᠤ ᠶᠠᠪᠤᠬᠤ ᠳ᠋ᠤ᠌ ᠡᠵᠡᠨ᠂ ᠵᠢᠷᠭᠤᠭᠠᠨ ᠰᠠᠢᠳ ᠢ᠋ᠶ᠋ᠠᠨ ᠮᠠᠭᠲᠠᠨ ᠳᠠᠭᠤᠯᠠᠪᠠ᠄
ᠡᠬᠢᠯᠡᠭᠡᠳ ᠰᠢᠭᠢᠬᠤᠲᠤᠭ ᠢ᠋ ᠮᠠᠭᠲᠠᠭᠰᠠᠨ ᠨᠢ᠄
《ᠮᠡᠷᠭᠢᠳ ᠢ᠋ ᠮᠡᠩᠳᠡᠭᠦᠯᠵᠦ ᠮᠣᠩᠭ᠋ᠣᠯ ᠢ᠋ ᠮᠣᠬᠣᠭᠠᠵᠤ ᠲᠠᠢᠴᠢᠭᠤᠳ ᠢ᠋ ᠲᠠᠨᠢᠵᠤ ᠳᠠᠢᠰᠤᠨ ᠢ᠋ ᠳᠠᠷᠤᠯᠴᠠᠭᠰᠠᠨ ᠲᠠᠲ᠋ᠠᠷ ᠤ᠋ᠨ ᠰᠢᠭᠢᠬᠤᠲᠤᠭ ᠮᠢᠨᠢ》 ᠭᠡᠵᠦ ᠮᠠᠭᠲᠠᠪᠠ᠂
ᠵᠡᠯᠮ᠎ᠡ ᠶ᠋ᠢ ᠮᠠᠭᠲᠠᠭᠰᠠᠨ ᠨᠢ
《ᠣᠷᠣᠭ᠎ᠠ ᠭᠥᠷᠦᠭᠡᠰᠦᠨ ᠦ᠌ ᠤᠲᠤᠯᠭ᠎ᠠ ᠪᠣᠯᠤᠭᠰᠠᠨ (ᠠᠩ ᠭᠥᠷᠦᠭᠡᠰᠦᠨ ᠢ᠋ ᠠᠩᠨᠠᠵᠤ ᠮᠡᠳᠡᠳᠡᠭ ) ᠣᠮᠣᠭᠲᠤ ᠳᠠᠢᠰᠤᠨ ᠤ᠋ ᠵᠢᠷᠦᠬᠡ ᠶ᠋ᠢ ᠴᠡᠴᠡᠷᠡᠭᠦᠯᠦᠭᠰᠡᠨ᠂ ᠤᠨᠤᠬᠤ ᠮᠣᠷᠢ ᠦᠭᠡᠢ ᠪᠣᠯᠬᠤ ᠳ᠋ᠤ᠌ ᠤᠨᠤᠭ᠎ᠠ ᠠᠪᠴᠢᠷᠠᠵᠤ ᠥᠭᠭᠦᠭᠰᠡᠨ ᠤᠮᠳᠠᠭᠠᠰᠤᠨ ᠴᠠᠩᠭ᠋ᠠᠬᠣ ᠴᠠᠭ ᠲᠤ᠌ ᠤᠤᠭᠤᠬᠤ ᠳᠠᠷᠠᠰᠤ ᠥᠭᠭᠦᠭᠰᠡᠨ ᠰᠡᠷᠭᠡᠭ ᠪᠠᠭ᠎ᠠ ᠨᠣᠢᠷ ᠲᠠᠢ ᠰᠡᠴᠡᠨ ᠮᠡᠷᠭᠡᠨ ᠤᠬᠠᠭᠠᠨ ᠲᠠᠢ ᠤᠯᠤᠰ ᠲᠥᠷᠥ ᠶ᠋ᠢᠨ ᠲᠥᠯᠥᠭᠡ ᠤᠷᠢᠳᠤ ᠴᠠᠭ ᠠ᠋ᠴᠠ ᠵᠢᠣᠠᠬᠥᠬᠰᠡᠨ ᠣᠷᠢᠶᠠᠩᠬᠠᠨ ᠤ᠋ ᠰᠠᠢᠨ ᠵᠡᠯᠮ᠎ᠡ ᠮᠢᠨᠢ》 ᠭᠡᠵᠦ ᠮᠠᠭᠲᠠᠪᠠ᠃
ᠴᠤᠤ ᠮᠡᠷᠭᠡᠨ ᠢ᠋ ᠮᠠᠭᠲᠠᠭᠰᠠᠨ ᠨᠢ᠄
《ᠵᠠᠷᠯᠢᠭ ᠢ᠋ ᠮᠢᠨᠢ ᠠᠯᠳᠠᠯ ᠦᠭᠡᠢ ᠳᠠᠭᠠᠵᠤ ᠵᠢᠭᠠᠭᠰᠠᠨ ᠢ᠋ ᠮᠢᠨᠢ ᠡᠨᠳᠡᠯ ᠦᠭᠡᠢ ᠭᠦᠢᠴᠡᠳᠬᠡᠵᠦ ᠳᠠᠢᠰᠤᠨ ᠤ᠋ ᠲᠡᠷᠢᠭᠦᠨ ᠢ᠋ ᠲᠠᠰᠤ ᠬᠠᠷᠪᠤᠵᠤ ᠤᠨᠤᠭᠰᠠᠨ ᠵᠡᠭᠡᠷᠳᠡ ᠮᠣᠷᠢ ᠶ᠋ᠢ ᠨᠢ ᠤᠤᠯᠭᠠᠯᠠᠨ ᠪᠤᠯᠢᠶᠠᠵᠤ ᠬᠠᠳᠬᠤᠯᠳᠤᠬᠤ ᠳᠠᠢᠰᠤᠨ ᠢ᠋ ᠬᠠᠭ᠎ᠠ ᠴᠣᠬᠢᠵᠤ ᠵᠥᠷᠢᠴᠡᠯᠳᠦᠬᠦ ᠳᠠᠢᠰᠤᠨ ᠢ᠋ ᠴᠥᠮᠥ ᠴᠣᠬᠢᠭᠰᠠᠨ ᠵᠦᠷᠴᠢᠳᠡᠢ ᠶ᠋ᠢᠨ ᠴᠤᠤ ᠮᠡᠷᠭᠡᠨ ᠮᠢᠨᠢ》 ᠭᠡᠵᠦ ᠮᠠᠭᠲᠠᠪᠠ᠃
 ᠪᠣᠷᠣᠬᠤᠯ ᠢ᠋ ᠮᠠᠭᠲᠠᠭᠰᠠᠨ ᠨᠢ᠄
《ᠬᠠᠷᠪᠤᠬᠤ ᠰᠤᠮᠤᠨ ᠳ᠋ᠤ᠌ ᠬᠠᠯᠬᠠᠪᠴᠢ ᠪᠣᠯᠤᠭᠰᠠᠨ ᠰᠤᠷᠬᠢᠷᠠᠬᠤ ᠰᠤᠮᠤᠨ ᠳ᠋ᠤ᠌ ᠰᠠᠷᠠᠪᠴᠢ ᠪᠣᠯᠤᠭᠰᠠᠨ ᠲᠣᠯᠣᠭᠠᠢ ᠪᠠᠨ ᠰᠢᠷᠬᠠᠳᠠᠬᠣ ᠳ᠋ᠤ᠌ ᠲᠣᠬᠣᠮ ᠢ᠋ᠶ᠋ᠠᠨ ᠡᠰᠡ ᠠᠯᠳᠠᠭᠰᠠᠨ
ᠬᠥᠰᠢᠨ ᠦ᠌ (ᠥᠰᠢᠨ ᠦ᠌) ᠰᠠᠢᠨ ᠪᠣᠷᠣᠬᠤᠯ ᠮᠢᠨᠢ 》ᠭᠡᠵᠦ ᠮᠠᠭᠲᠠᠪᠠ᠃
ᠮᠤᠬᠤᠯᠠᠢ ᠶ᠋ᠢ ᠮᠠᠭᠲᠠᠭᠰᠠᠨ ᠨᠢ᠄
《ᠳᠠᠢᠰᠤᠨ ᠢ᠋ ᠳᠠᠷᠤᠯᠴᠠᠵᠤ ᠣᠯᠵᠠ ᠶ᠋ᠢ ᠣᠷᠣᠭᠣᠯᠣᠯᠴᠠᠵᠣ ᠢᠷᠡᠬᠦ ᠳᠠᠢᠰᠤᠨ ᠤ᠋ ᠢᠷ ᠢ᠋ ᠮᠣᠬᠣᠭᠠᠵᠤ ᠪᠤᠴᠠᠬᠤ ᠳᠠᠢᠰᠤᠨ ᠤ᠋ ᠪᠣᠷᠪᠢ ᠶ᠋ᠢ ᠬᠢᠩᠭ᠋ᠠᠷᠳᠠᠵᠣ ᠬᠦᠯᠦᠭ ᠮᠣᠷᠢᠨ ᠤ᠋ ᠪᠠᠨ ᠰᠡᠭᠦᠯ ᠳᠡᠭᠡᠭᠦᠷ ᠬᠦᠳᠡᠩ ᠮᠠᠨᠠᠨ ᠲᠠᠲᠠᠭᠤᠯᠵᠤ ᠤᠨᠠᠭᠰᠠᠨ ᠮᠣᠷᠢᠨ ᠤ᠋ ᠪᠠᠨ ᠳᠡᠯ ᠳᠡᠭᠡᠭᠦᠷ ᠤᠷᠭᠤᠬᠤ ᠨᠠᠷᠠ ᠶ᠋ᠢ ᠭᠡᠢᠭᠦᠯᠵᠦ ᠳᠠᠢᠰᠤᠨ ᠤ᠋ ᠭᠥᠷᠥᠩᠬᠡᠨ ᠡᠴᠡ
ᠲᠠᠰᠤᠷᠬᠠᠢ ᠤᠲᠠᠰᠤ ᠣᠷᠭᠢᠯ ᠦᠭᠡᠢ ᠬᠤᠭᠤᠷᠬᠠᠢ ᠵᠡᠭᠦᠦ ᠬᠡᠭᠡᠯ ᠦᠭᠡᠢ ᠬᠣᠷᠢᠶᠠᠨ ᠠᠪᠴᠤ ᠢᠷᠠᠭᠰᠠᠨ ᠵᠠᠯᠠᠢᠷ ᠤ᠋ᠨ ᠰᠠᠢᠨ ᠮᠤᠬᠤᠯᠠᠢ ᠮᠢᠨᠢ》 ᠭᠡᠵᠦ ᠮᠠᠭᠲᠠᠪᠠ᠃
ᠪᠣᠭᠣᠷᠴᠤ ᠶ᠋ᠢ ᠮᠠᠭᠲᠠᠭᠰᠠᠨ ᠨᠢ᠄
《 ᠨᠠᠮ᠎ᠠ ᠶ᠋ᠢ ᠵᠠᠯᠠᠭᠤ ᠪᠠᠢᠬᠤ ᠴᠠᠭ ᠲᠤ᠌ ᠨᠠᠢ᠍ᠮᠠᠨ ᠰᠢᠷᠭ᠎ᠠ ᠶ᠋ᠢ ᠡᠷᠢᠬᠦ ᠣᠢᠶ᠎ᠠ ᠳ᠋ᠤ᠌ ᠨᠠᠷᠠᠨ ᠤᠷᠭᠤᠬᠤ ᠬᠢᠷᠢ ᠳ᠋ᠦ᠍ ᠨᠠᠳᠠ ᠲᠠᠢ ᠠᠭᠤᠯᠵᠠᠭᠰᠠᠨ ᠠ᠋ᠴᠠ ᠬᠣᠢᠰᠢ ᠨᠠᠰᠤᠳᠠ ᠦᠨᠡᠨ ᠢ᠋ᠶ᠋ᠡᠷ ᠵᠢᠣᠠᠬᠥᠬᠰᠡᠨ ᠨᠠᠬᠤ ᠪᠠᠶᠠᠨ ᠤ᠋ ᠬᠥᠪᠡᠭᠦᠨ ᠨᠠᠢᠷᠲᠤ ᠬᠦᠯᠦᠭ ᠪᠣᠭᠣᠷᠴᠤ ᠮᠢᠨᠢ! ᠠᠢᠯ ᠵᠠᠭᠤᠷ᠎ᠠ ᠶᠠᠪᠤᠬᠤ ᠳ᠋ᠤ᠌ ᠠᠯᠠᠭ ᠪᠢᠷᠠᠭᠤ ᠮᠡᠲᠦ ᠨᠣᠮᠣᠬᠠᠨ ᠪᠠᠢᠪᠠᠴᠤ ᠠᠯᠠᠯᠴᠠᠬᠤ ᠳᠠᠢᠰᠤᠨ ᠲᠠᠢ ᠠᠭᠤᠯᠵᠠᠬᠤ ᠳ᠋ᠤ᠌ ᠠᠷᠰᠯᠠᠨ ᠪᠠᠷᠰ ᠮᠡᠲᠦ ᠳᠣᠭᠰᠢᠷᠠᠵᠤ ᠠᠶᠤᠯᠲᠤ ᠳᠠᠢᠰᠤᠨ ᠢ᠋ ᠳᠠᠷᠤᠬᠤ ᠶ᠋ᠢᠨ ᠲᠥᠯᠥᠭᠡ ᠠᠮᠢ ᠪᠡᠶ᠎ᠡ ᠪᠡᠨ ᠦᠯᠦ ᠬᠠᠢᠷᠠᠯᠠᠭᠴᠢ ᠠᠴᠢᠲᠤ ᠬᠦᠯᠦᠭ ᠪᠣᠭᠣᠷᠴᠤ ᠮᠢᠨᠢ! ᠬᠠᠨᠢᠯᠠᠵᠤ ᠶᠠᠪᠤᠬᠤ ᠴᠠᠭ ᠲᠤ᠌ ᠬᠠᠷ᠎ᠠ ᠪᠢᠷᠠᠭᠤ ᠮᠡᠲᠦ ᠨᠣᠮᠣᠬᠠᠨ ᠪᠠᠢᠪᠠᠴᠤ ᠬᠠᠳᠬᠤᠯᠳᠤᠬᠤ ᠳᠠᠢᠰᠤᠨ ᠲᠠᠢ ᠲᠤᠯᠬᠤ ᠴᠠᠭ ᠲᠤ᠌ ᠬᠠᠷᠴᠠᠭᠠᠢ ᠱᠣᠩᠬᠣᠷ ᠮᠡᠲᠦ ᠳᠣᠭᠰᠢᠷᠠᠵᠤ ᠬᠠᠷᠢ ᠶ᠋ᠢᠨ ᠳᠠᠢᠰᠤᠨ ᠢ᠋ ᠳᠠᠷᠤᠬᠤ ᠶ᠋ᠢᠨ ᠲᠥᠯᠥᠭᠡ ᠬᠠᠯᠠᠭᠤᠨ ᠠᠮᠢ ᠪᠠᠨ ᠦᠯᠦ ᠪᠣᠳᠣᠭᠴᠢ ᠬᠠᠢᠷᠠᠲᠤ ᠬᠦᠯᠦᠭ ᠪᠣᠭᠣᠷᠴᠤ ᠮᠢᠨᠢ! ᠢᠨᠢᠶᠡᠯᠳᠦᠨ ᠶᠠᠪᠤᠬᠤ ᠴᠠᠭ ᠲᠤ᠌ ᠢᠵᠢᠯᠢ ᠪᠢᠷᠠᠭᠤ ᠮᠡᠲᠦ ᠨᠣᠮᠣᠬᠠᠨ ᠪᠠᠢᠪᠠᠴᠤ ᠢᠷᠡᠬᠦ ᠳᠠᠢᠰᠤᠨ ᠤᠴᠠᠷᠠᠬᠤ ᠳ᠋ᠤ᠌ ᠢᠳᠡᠲᠦ ᠠᠷᠢᠶᠠᠲᠠᠨ ᠮᠡᠲᠦ ᠳᠣᠭᠰᠢᠷᠠᠵᠤ ᠢᠳᠡᠮᠡᠬᠡᠢ ᠳᠠᠢᠰᠤᠨ ᠢ᠋ ᠳᠠᠷᠤᠬᠤ ᠶ᠋ᠢᠨ ᠲᠥᠯᠥᠭᠡ ᠢᠲᠡᠭᠡᠯᠲᠦ ᠪᠡᠶ᠎ᠡ ᠪᠡᠨ ᠦᠯᠦ ᠬᠠᠢᠬᠤᠷᠤᠭᠴᠢ ᠢᠪᠡᠭᠡᠯᠲᠦ ᠬᠦᠯᠦᠭ ᠪᠣᠭᠣᠷᠴᠤ ᠮᠢᠨᠢ! ᠨᠠᠭᠠᠳᠤᠨ ᠶᠠᠪᠤᠬᠤ ᠴᠠᠭ ᠲᠤ᠌ ᠨᠠᠮᠤᠷ ᠤ᠋ᠨ ᠤᠨᠠᠭ᠎ᠠ ᠮᠡᠲᠦ ᠡᠶᠡᠯᠳᠡᠭ ᠪᠣᠯᠪᠠᠴᠤ ᠨᠠᠠᠴᠢᠯᠳᠠᠬᠣ ᠳᠠᠢᠰᠤᠨ ᠲᠠᠢ ᠤᠴᠠᠷᠠᠪᠠᠯ ᠨᠠᠴᠢᠨ ᠱᠣᠩᠬᠣᠷ ᠮᠡᠲᠦ ᠳᠣᠪᠲᠣᠯᠵᠤ ᠨᠠᠰᠤᠨ ᠢᠮᠠᠭᠲᠠ ᠵᠢᠣᠠᠬᠥᠬᠰᠡᠨ ᠨᠠᠢᠵᠠ ᠬᠦᠯᠦᠭ ᠪᠣᠭᠣᠷᠴᠤ ᠮᠢᠨᠢ! ᠬᠠᠷᠢᠯ ᠪᠤᠴᠠᠯ ᠦᠭᠡᠢ ᠶᠠᠪᠤᠭᠴᠢ ᠬᠠᠭᠠᠨ ᠡᠵᠡᠨ ᠢ᠋ᠶ᠋ᠡᠨ ᠳᠠᠭᠠᠭᠴᠢ ᠬᠠᠢᠷᠠᠲᠤ ᠬᠦᠯᠦᠭ ᠪᠣᠭᠣᠷᠴᠤ ᠮᠢᠨᠢ》 ᠭᠡᠵᠦ ᠮᠠᠭᠲᠠᠪᠠ᠃
ᠡᠵᠡᠨ ᠵᠢᠷᠭᠤᠭᠠᠨ ᠰᠠᠢᠳ ᠢ᠋ᠶ᠋ᠠᠨ ᠮᠠᠭᠲᠠᠨ ᠳᠠᠭᠤᠰᠬᠤ ᠳ᠋ᠤ᠌ ᠪᠣᠭᠣᠷᠴᠤ᠂ ᠡᠵᠡᠨ ᠢ᠋ᠶ᠋ᠡᠨ ᠮᠠᠭᠲᠠᠵᠤ ᠳᠠᠭᠤᠯᠠᠭᠰᠠᠨ ᠨᠢ᠄
《ᠶᠢᠰᠦᠭᠡᠢ ᠪᠠᠭᠠᠲᠤᠷ ᠡᠴᠢᠭᠡ ᠲᠡᠢ ᠶᠢᠰᠦᠨ ᠥᠷᠯᠥᠭ ᠲᠦᠰᠢᠮᠡᠯ ᠲᠡᠢ ᠶᠡᠷᠦ ᠪᠦᠭᠦᠳᠡ ᠶ᠋ᠢ ᠡᠷᠬᠡᠨ ᠳ᠋ᠡᠭᠡᠨ ᠣᠷᠣᠭᠤᠯᠤᠭᠰᠠᠨ ᠶᠢᠷᠲᠢᠨᠴᠦ ᠶ᠋ᠢᠨ ᠡᠵᠡᠨ ᠴᠢᠩᠭᠢᠰ ᠬᠠᠭᠠᠨ ᠮᠢᠨᠢ! ᠥᠭᠡᠯᠦᠨ ᠬᠠᠲᠤᠨ ᠡᠬᠡ ᠲᠡᠢ ᠥᠷᠯᠥᠭ ᠶᠢᠰᠦᠨ ᠲᠦᠰᠢᠮᠡᠯ ᠲᠡᠢ ᠥᠭᠡᠳᠡᠢ᠂ ᠲᠤᠯᠤᠢ ᠬᠥᠪᠡᠭᠦᠨ ᠲᠡᠢ ᠥᠷᠥᠰᠢᠶᠡᠯ ᠬᠠᠢᠷ᠎ᠠ ᠶᠡᠬᠡᠲᠡᠢ ᠥᠩᠭᠡ ᠪᠦᠷᠢ ᠶ᠋ᠢᠨ ᠤᠯᠤᠰ ᠢ᠋ ᠡᠮᠦᠨ᠎ᠡ ᠪᠡᠨ ᠰᠥᠭᠥᠳᠦᠭᠦᠯᠦᠭᠰᠡᠨ ᠥᠰᠢᠶᠡᠲᠡᠨ ᠳᠠᠢᠰᠤᠨ ᠪᠦᠭᠦᠳᠡ ᠶ᠋ᠢ ᠥᠯᠮᠡᠢ ᠳᠣᠣᠷ᠎ᠠ ᠪᠠᠨ ᠭᠢᠰᠬᠢᠭᠰᠡᠨ ᠥᠨᠳᠥᠷ ᠳᠡᠭᠡᠳᠦ ᠡᠵᠡᠨ ᠬᠠᠭᠠᠨ ᠮᠢᠨᠢ! ᠬᠠᠭᠠᠨ ᠡᠵᠡᠨ ᠴᠢᠮᠢ᠋ᠢ ᠪᠠᠢᠬᠤ ᠳ᠋ᠤ᠌ ᠬᠠᠷᠢ ᠶ᠋ᠢᠨ ᠳᠠᠢᠰᠤᠨ ᠠ᠋ᠴᠠ ᠬᠠᠯᠠᠰᠢᠷᠠᠬᠤ ᠶᠠᠪᠤᠳᠠᠯ ᠦᠭᠡᠢ᠃ ᠡᠵᠡᠨ ᠪᠠᠭᠠᠲᠤᠷ ᠴᠢᠮᠢ᠋ᠢ ᠪᠠᠢᠬᠤ ᠳ᠋ᠤ᠌ ᠡᠵᠡᠷᠬᠡᠭ ᠳᠠᠢᠰᠤᠨ ᠠ᠋ᠴᠠ ᠡᠮᠢᠶᠡᠬᠦ ᠶᠠᠪᠤᠳᠠᠯ ᠦᠭᠡᠢ᠃ ᠬᠠᠮᠤᠭ ᠪᠦᠭᠦᠳᠡ ᠬᠠᠮᠲᠤᠷᠠᠵᠤ ᠬᠠᠮᠢᠶᠠᠲᠠᠨ ᠰᠠᠳᠤᠨ ᠮᠡᠲᠦ ᠡᠪᠯᠡᠯᠳᠦᠵᠦ ᠬᠠᠷᠢ ᠶ᠋ᠢᠨ ᠳᠠᠢᠰᠤᠨ ᠢ᠋ ᠬᠠᠮᠬ᠎ᠠ ᠴᠣᠬᠢᠶ᠎ᠠ᠃ ᠬᠠᠯᠠᠭᠤᠨ ᠵᠠᠭᠤᠷ᠎ᠠ ᠪᠠᠨ ᠴᠡᠩᠭᠡᠯᠳᠦᠨ ᠰᠠᠭᠤᠵᠤ ᠬᠤᠨ ᠭᠠᠯᠠᠬᠣ ᠮᠡᠲᠦ ᠬᠤᠷᠠᠯᠳᠤᠨ ᠴᠡᠩᠭᠡᠶ᠎ᠡ᠂ ᠬᠤᠳᠠᠯᠴᠢ ᠬᠥᠮᠦᠨ ᠦ᠌ ᠦᠭᠡᠨ ᠳ᠋ᠦ᠍ ᠪᠦᠦ ᠣᠷᠣᠶ᠎ᠠ᠂ ᠬᠠᠷᠴᠠᠭᠠᠢ ᠱᠣᠩᠬᠣᠷ ᠮᠡᠲᠦ ᠬᠠᠷᠠᠢᠯᠠᠨ ᠳᠡᠭᠦᠯᠢᠨ ᠶᠠᠪᠤᠶ᠎ᠠ ᠬᠠᠳᠬᠤᠯᠳᠤᠬᠤ ᠲᠡᠢᠨ ᠳ᠋ᠦ᠍ ᠬᠠᠯᠠᠭᠤᠨ ᠠᠮᠢ ᠪᠠᠨ ᠪᠦᠦ ᠬᠠᠢᠷᠠᠯᠠᠶ᠎ᠠ᠃ᠠᠩᠭᠢᠷ ᠰᠢᠪᠠᠭᠤ ᠮᠡᠲᠦ ᠠᠮᠠᠷᠠᠭ ᠦᠷ᠎ᠡ ᠪᠡᠨ ᠪᠦᠦ ᠬᠥᠨᠥᠭᠡᠶ᠎ᠡ᠁ ᠠᠯᠠᠯᠴᠠᠬᠤ ᠳᠠᠢᠰᠤᠨ ᠳ᠋ᠤ᠌ ᠠᠮᠢ ᠪᠠᠨ ᠪᠦᠦ ᠬᠠᠢᠷᠠᠯᠠᠶ᠎ᠠ᠃ ᠡᠯᠢᠭᠡᠨ ᠰᠠᠳᠤᠨ ᠳᠣᠲᠣᠷ᠎ᠠ ᠪᠠᠨ ᠡᠪ ᠨᠠᠢᠷᠠᠮᠳᠠᠯ ᠢ᠋ ᠪᠦᠦ ᠠᠯᠳᠠᠶ᠎ᠠ᠃ ᠡᠵᠡᠷᠬᠡᠬᠦ ᠳᠠᠢᠰᠤᠨ ᠲᠠᠢ ᠲᠤᠯᠬᠤ ᠳ᠋ᠤ᠌ ᠡᠨᠡ ᠪᠡᠶ᠎ᠡ ᠪᠡᠨ ᠪᠦᠦ ᠬᠠᠢᠷᠠᠯᠠᠶ᠎ᠠ》 ᠬᠦᠯᠦᠭ ᠪᠣᠭᠣᠷᠴᠤ ᠶ᠋ᠢᠨ ᠳᠠᠭᠤᠯᠠᠭᠰᠠᠨ ᠦᠭᠡ ᠡᠨᠡ ᠪᠢᠯᠡ᠃ ᠰᠤᠤᠲᠤ ᠪᠣᠭᠳᠠ ᠴᠢᠩᠭᠢᠰ ᠬᠠᠭᠠᠨ᠂ ᠦᠳᠡ ᠵᠠᠭᠤᠷ᠎ᠠ ᠶᠠᠪᠤᠵᠤ ᠭᠤᠷᠪᠠᠨ ᠵᠠᠭᠤᠨ ᠲᠠᠢᠴᠢᠭᠤᠳ ᠢ᠋ ᠳᠠᠷᠤᠵᠤ ᠡᠰᠡᠨ ᠮᠡᠨᠳᠦ ᠭᠡᠷ ᠲᠡᠭᠡᠨ ᠢᠷᠡᠵᠦ ᠡᠩᠬᠡ ᠠᠮᠤᠭᠤᠯᠠᠩ ᠰᠠᠭᠤᠪᠠ᠃
ᠨᠢᠴᠦᠭᠦᠨ ᠪᠠᠭᠠᠷᠢᠨ ᠤ᠋ ᠰᠢᠷᠬᠥᠬᠡᠲᠦ ᠡᠪᠦᠭᠡᠨ᠂ ᠬᠥᠪᠡᠭᠦᠨ ᠠᠯᠠᠭ ᠨᠠᠶᠠᠭ᠎ᠠ ᠬᠣᠶᠠᠷ ᠲᠠᠢ ᠡᠯᠪᠡᠵᠦ ᠲᠠᠢᠴᠢᠭᠤᠳ ᠤ᠋ᠨ ᠨᠣᠶᠠᠨ ᠲᠠᠷᠭᠤᠲᠠᠢ ᠬᠢᠷᠢᠯᠳᠣᠭ ᠢ᠋ ᠣᠢ ᠳ᠋ᠤ᠌ ᠬᠣᠷᠭᠣᠳᠣᠵᠣ ᠪᠠᠢᠬᠤ ᠳ᠋ᠤ᠌ ᠣᠯᠵᠤ ᠪᠠᠷᠢᠭᠠᠳ᠂ ᠲᠡᠷᠡ᠂ ᠮᠣᠷᠢ ᠤᠨᠤᠵᠤ ᠦᠯᠦ ᠴᠢᠳᠠᠬᠤ ᠲᠠᠷᠭᠤᠨ ᠲᠤᠯᠠ ᠲᠡᠷᠭᠡᠨ ᠳ᠋ᠦ᠍ ᠰᠠᠭᠤᠯᠭᠠᠵᠤ ᠲᠡᠮᠦᠵᠢᠨ ᠳ᠋ᠦ᠍ ᠬᠦᠷᠭᠡᠬᠦ ᠪᠡᠷ ᠠᠪᠴᠤ ᠶᠠᠪᠤᠬᠤ ᠳ᠋ᠤ᠌ ᠲᠠᠷᠭᠤᠲᠠᠢ ᠬᠢᠷᠢᠯᠳᠣᠭ ᠤ᠋ᠨ ᠬᠥᠪᠡᠭᠦᠳ᠂ ᠳᠡᠭᠦᠦ ᠨᠠᠷ ᠨᠡᠬᠡᠵᠦ ᠪᠤᠯᠢᠶᠠᠨ ᠠᠪᠬᠤ ᠪᠠᠷ ᠢᠷᠡᠪᠡ᠃ ᠲᠡᠳᠡᠨ ᠢ᠋ ᠢᠷᠠᠮᠠᠭᠴᠠ ᠰᠢᠷᠬᠥᠬᠡᠲᠦ ᠡᠪᠦᠭᠡᠨ᠂ ᠬᠥᠳᠡᠯᠦᠨ ᠶᠠᠳᠠᠬᠤ ᠲᠠᠷᠭᠤᠲᠠᠢ ᠶ᠋ᠢ ᠬᠡᠯᠪᠡᠷᠢᠭᠦᠯᠦᠨ ᠤᠨᠠᠭᠠᠵᠤ ᠭᠡᠳᠡᠷᠭᠦ ᠬᠠᠷᠠᠭᠤᠯᠤᠨ ᠬᠡᠪᠲᠡᠭᠦᠯᠵᠦ᠂ ᠭᠡᠳᠡᠰᠦᠨ ᠳᠡᠭᠡᠷ᠎ᠡ ᠨᠢ ᠰᠠᠠᠳᠠᠢ᠌ᠯᠵᠣ ᠰᠠᠭᠤᠭᠠᠳ᠂ ᠬᠢᠲᠤᠭ᠎ᠠ ᠪᠠᠨ ᠰᠤᠭᠤᠯᠵᠤ ᠥᠭᠦᠯᠡᠷᠦᠨ᠄
《ᠬᠥᠪᠡᠭᠦᠳ ᠳᠡᠭᠦᠦ ᠨᠠᠷ ᠴᠢᠨᠢ᠂ ᠴᠢᠮ᠎ᠠ ᠶ᠋ᠢ ᠪᠤᠯᠢᠶᠠᠵᠤ ᠠᠪᠬᠤ ᠪᠠᠷ ᠢᠷᠡᠪᠡ᠂ ᠬᠠᠨ ᠴᠢᠮ᠎ᠠ ᠶ᠋ᠢ ᠣᠳᠣ ᠪᠢ ᠡᠰᠡ ᠠᠯᠠᠪᠠᠴᠤ᠂ ᠴᠢᠮᠠᠲᠤ ᠨᠢᠭᠡᠨᠲᠡ ᠬᠠᠯᠳᠠᠭᠰᠠᠨ ᠲᠤᠯᠠ ᠨᠠᠮ᠎ᠠ ᠶ᠋ᠢ ᠠᠯᠠᠬᠤ ᠪᠣᠯᠤᠨ᠎ᠠ᠂ ᠴᠢᠮ᠎ᠠ ᠶ᠋ᠢ ᠠᠯᠠᠪᠠᠴᠤ᠂ ᠨᠢᠭᠡᠨ ᠠᠳᠠᠯᠢ ᠠᠯᠠᠭᠳᠠᠬᠤ ᠪᠣᠯᠤᠨ᠎ᠠ᠃ ᠡᠢᠮᠦ ᠶ᠋ᠢᠨ ᠲᠤᠯᠠ ᠴᠢᠮ᠎ᠠ ᠪᠠᠷ ᠳᠡᠷ᠎ᠡ ᠬᠢᠵᠦ ᠥᠭᠭᠦᠶ᠎ᠡ》 ᠭᠡᠵᠦ ᠬᠢᠲᠤᠭ᠎ᠠ ᠶ᠋ᠢᠨ ᠢᠷ ᠢ᠋ ᠲᠠᠷᠭᠤᠲᠠᠢ ᠶ᠋ᠢᠨ ᠬᠣᠭᠣᠯᠠᠢ ᠳ᠋ᠤ᠌ ᠲᠤᠯᠭᠠᠪᠠᠯ᠂ ᠲᠠᠷᠭᠤᠲᠠᠢ ᠬᠢᠷᠢᠯᠳᠣᠭ᠂ ᠳᠡᠭᠦᠦ ᠨᠠᠷ ᠬᠥᠪᠡᠭᠦᠳ ᠲᠡᠭᠡᠨ ᠶᠡᠬᠡ ᠳᠠᠭᠤ ᠪᠠᠷ ᠤᠬᠢᠯᠠᠨ ᠥᠭᠦᠯᠡᠷᠦᠨ᠄
《ᠰᠢᠷᠬᠥᠬᠡᠲᠦ ᠂ ᠨᠠᠮ᠎ᠠ ᠶ᠋ᠢ ᠠᠯᠠᠬᠤ ᠭᠡᠵᠦ ᠪᠠᠢᠨ᠎ᠠ᠃ ᠨᠢᠭᠡᠨᠲᠡ ᠠᠯᠠᠪᠠᠯ ᠮᠢᠨᠦ ᠬᠡᠭᠦᠷ ᠢ᠋ᠶ᠋ᠡᠷ ᠲᠠ ᠨᠠᠷ ᠶᠠᠭᠤ ᠬᠢᠬᠦ ᠪᠣᠢ? ᠨᠠᠮ᠎ᠠ ᠶ᠋ᠢ ᠠᠯᠠᠭ᠎ᠠ ᠦᠭᠡᠢ ᠪᠠᠢᠬᠤ ᠳ᠋ᠤ᠌ ᠳᠠᠷᠤᠢ ᠪᠤᠴᠠᠭᠲᠤᠨ᠃ ᠲᠡᠮᠦᠵᠢᠨ᠂ ᠨᠠᠮ᠎ᠠ ᠶ᠋ᠢ ᠠᠯᠠᠬᠤ ᠦᠭᠡᠢ᠂ ᠲᠡᠮᠦᠵᠢᠨ ᠢ᠋ ᠡᠵᠡᠨ ᠦᠭᠡᠢ ᠨᠤᠲᠤᠭ ᠲᠤ᠌ ᠣᠷᠬᠢᠭᠳᠠᠭᠠᠳ ᠪᠠᠢᠬᠤ ᠳ᠋ᠤ᠌ ᠨᠢᠳᠦᠨ ᠳ᠋ᠡᠭᠡᠨ ᠭᠠᠯᠲᠠᠢ᠂ ᠨᠢᠭᠤᠷ ᠲᠠᠭᠠᠨ ᠭᠡᠷᠡᠯᠲᠡᠢ᠂ ᠰᠡᠷᠭᠦᠯᠡᠩ ᠠᠪᠢᠶᠠᠰᠣᠳᠠᠢ ᠬᠥᠪᠡᠭᠦᠨ ᠭᠡᠵᠦ ᠪᠢ ᠣᠯᠵᠤ ᠠᠪᠴᠢᠷᠠᠭᠠᠳ᠂ ᠡᠮᠨᠢᠭ ᠦᠷᠢᠶ᠎ᠡ ᠳᠠᠭ᠎ᠠ ᠰᠤᠷᠭᠠᠬᠤ ᠮᠡᠲᠦ ᠰᠤᠷᠭᠠᠵᠤ ᠬᠥᠮᠦᠵᠢᠭᠦᠯᠵᠦ ᠶᠠᠪᠤᠭᠰᠠᠨ ᠪᠢᠯᠡ᠃ ᠲᠡᠷᠡ ᠴᠠᠭ ᠲᠤ᠌ ᠲᠡᠭᠦᠨ ᠢ᠋ ᠬᠢᠯᠪᠠᠷ ᠦᠬᠦᠭᠦᠯᠵᠦ ᠴᠢᠳᠠᠬᠤ ᠪᠣᠯᠪᠠᠴᠤ ᠥᠷᠥᠰᠢᠶᠡᠵᠦ ᠥᠰᠬᠡᠭᠰᠡᠨ ᠶᠦ᠍ᠮ᠃ ᠣᠳᠣ ᠲᠡᠮᠦᠵᠢᠨ᠂ ᠲᠡᠭᠦᠨ ᠢ᠋ ᠤᠬᠠᠭᠠᠨ ᠳ᠋ᠠᠭᠠᠨ ᠣᠢᠯᠠᠭᠠᠵᠤ᠂ ᠰᠡᠳᠬᠢᠯ ᠳ᠋ᠡᠭᠡᠨ ᠰᠡᠩᠬᠡᠷᠡᠵᠦ ᠪᠠᠢᠭ᠎ᠠ ᠪᠢᠵᠡ᠃ ᠲᠡᠮᠦᠵᠢᠨ᠂ ᠨᠠᠮ᠎ᠠ ᠶ᠋ᠢ ᠠᠯᠠᠬᠤ ᠦᠭᠡᠢ᠂ ᠲᠠ ᠬᠥᠪᠡᠭᠦᠳ ᠳᠡᠭᠦᠦ ᠨᠠᠷ ᠮᠢᠨᠢ ᠥᠭᠡᠳᠡ(ᠲᠦᠷᠭᠡᠨ) ᠬᠠᠷᠢᠭᠲᠤᠨ ᠃ ᠰᠢᠷᠬᠥᠬᠡᠲᠦ᠂ ᠨᠠᠮ᠎ᠠ ᠶ᠋ᠢ ᠠᠯᠠᠭᠤᠵᠠᠢ》 ᠭᠡᠵᠦ ᠶᠡᠬᠡ ᠳᠠᠭᠤ ᠪᠠᠷ ᠤᠬᠢᠯᠠᠨ ᠪᠠᠷᠬᠢᠷᠠᠪᠠᠯ᠂ ᠬᠥᠪᠡᠭᠦᠳ ᠳᠡᠭᠦᠦ ᠨᠠᠷ ᠨᠢ ᠰᠣᠨᠣᠰᠴᠤ ᠬᠡᠯᠡᠯᠴᠡᠪᠡ᠄ 《ᠡᠴᠢᠭᠡ ᠶ᠋ᠢᠨ ᠢ᠋ᠶ᠋ᠡᠨ ᠠᠮᠢ ᠶ᠋ᠢ ᠠᠪᠤᠷᠠᠶ᠎ᠠ ᠭᠡᠵᠦ ᠢᠷᠠᠭᠰᠠᠨ ᠪᠢᠯᠡ᠂ ᠭᠡᠲᠡᠯ᠎ᠡ᠂ ᠡᠴᠢᠭᠡ ᠶ᠋ᠢ ᠮᠢᠨᠢ ᠡᠨᠡ ᠰᠢᠷᠬᠥᠬᠡᠲᠦ ᠡᠪᠦᠭᠡᠨ ᠠᠯᠠᠪᠠᠯ ᠬᠣᠭᠣᠰᠣᠨ ᠠᠮᠢ ᠦᠭᠡᠢ ᠪᠡᠶ᠎ᠡ ᠪᠡᠷ ᠪᠢᠳᠡ ᠶᠠᠭᠤ ᠬᠢᠬᠦ ᠪᠣᠢ? ᠣᠳᠣ ᠠᠯᠠᠭ᠎ᠠ ᠦᠭᠡᠢ ᠳ᠋ᠦ᠍ ᠪᠤᠴᠠᠶ᠎ᠠ》 ᠭᠡᠵᠦ ᠬᠠᠷᠢᠪᠠ᠃ ᠲᠡᠳᠡᠨ ᠢ᠋ ᠳᠠᠯᠳᠠ ᠣᠷᠣᠮᠠᠭᠴᠠ ᠲᠠᠢᠴᠢᠭᠤᠳ ᠠ᠋ᠴᠠ ᠤᠭᠲᠤᠵᠤ ᠣᠳᠤᠭᠰᠠᠨ᠂ ᠰᠢᠷᠬᠥᠬᠡᠲᠦ ᠡᠪᠦᠭᠡᠨ ᠦ᠌ ᠬᠥᠪᠡᠭᠦᠨ ᠠᠯᠠᠭ ᠨᠠᠶᠠᠭ᠎ᠠ ᠬᠣᠶᠠᠷ ᠡᠴᠢᠭᠡ ᠳ᠋ᠡᠭᠡᠨ ᠪᠤᠴᠠᠵᠤ ᠢᠷᠡᠪᠡ᠃ ᠰᠢᠷᠬᠥᠬᠡᠲᠦ ᠡᠪᠦᠭᠡᠨ᠂ ᠬᠥᠪᠡᠭᠦᠳ ᠲᠡᠢ ᠬᠠᠮᠲᠤ ᠨᠡᠢᠯᠡᠭᠡᠳ᠂ ᠲᠠᠷᠭᠤᠲᠠᠢ ᠶ᠋ᠢ ᠠᠪᠤᠨ ᠬᠥᠳᠡᠯᠵᠦ ᠬᠣᠲᠤᠭᠤᠯ ᠨᠤᠭᠤ ᠭᠡᠳᠡᠭ ᠭᠠᠵᠠᠷ ᠬᠦᠷᠪᠡ᠃ ᠲᠡᠨᠳᠡ ᠨᠠᠶᠠᠭ᠎ᠠ ᠥᠭᠦᠯᠡᠷᠦᠨ᠄
《ᠪᠢᠳᠡ ᠡᠨᠡ ᠲᠠᠷᠭᠤᠲᠠᠢ ᠶ᠋ᠢ ᠪᠠᠷᠢᠵᠤ ᠣᠴᠢᠪᠠᠯ᠂ ᠴᠢᠩᠭᠢᠰ ᠬᠠᠭᠠᠨ᠂ ᠪᠢᠳᠡᠨ ᠢ᠋ ᠬᠠᠨ ᠡᠵᠡᠨ ᠢ᠋ᠶ᠋ᠡᠨ ᠪᠠᠷᠢᠵᠤ ᠢᠷᠡᠭᠰᠡᠨ ᠢᠲᠡᠭᠡᠮᠵᠢ ᠦᠭᠡᠢ ᠠᠷᠠᠳ ᠭᠡᠵᠦ ᠪᠢᠳᠡᠨ ᠢ᠋ ᠢᠲᠡᠭᠡᠵᠦ ᠨᠥᠬᠥᠷᠯᠡᠬᠦ ᠦᠭᠡᠢ᠂ ᠬᠠᠷᠢᠨ ᠬᠠᠨ ᠡᠵᠡᠨ ᠳ᠋ᠡᠭᠡᠨ ᠬᠠᠯᠳᠠᠭᠰᠠᠨ ᠬᠠᠷᠠᠴᠤ ᠠᠷᠠᠳ ᠭᠡᠵᠦ ᠪᠠᠷᠢᠵᠤ ᠠᠯᠠᠬᠤ ᠪᠢᠵᠡ 》᠃ ᠣᠳᠣ ᠲᠠᠷᠭᠤᠲᠠᠢ ᠶ᠋ᠢ ᠡᠨᠳᠡ ᠡᠴᠡ ᠲᠠᠯᠪᠢᠵᠤ ᠪᠤᠴᠠᠭᠠᠭᠠᠳ ᠪᠢᠳᠡ ᠴᠢᠩᠭᠢᠰ ᠬᠠᠭᠠᠨ ᠳ᠋ᠤ᠌ ᠪᠡᠶ᠎ᠡ ᠪᠡᠷ ᠣᠴᠢᠵᠤ ᠢᠩᠭᠢᠵᠦ ᠬᠡᠯᠡᠶ᠎ᠡ᠄
《ᠪᠢᠳᠡ ᠴᠢᠩᠭᠢᠰ ᠬᠠᠭᠠᠨ ᠴᠢᠮᠠᠲᠤ ᠬᠦᠴᠦ ᠪᠡᠨ ᠡᠷᠭᠦᠬᠦ ᠪᠡᠷ ᠢᠷᠡᠪᠡ᠃ ᠪᠢᠳᠡ᠂ ᠲᠠᠷᠭᠤᠲᠠᠢ ᠶ᠋ᠢ ᠪᠠᠷᠢᠵᠤ ᠢᠷᠡᠵᠦ ᠶᠠᠪᠤᠲᠠᠯ᠎ᠠ᠂ ᠬᠠᠨ ᠡᠵᠡᠨ ᠢ᠋ᠶ᠋ᠡᠨ ᠬᠠᠷᠠᠭᠰᠠᠭᠠᠷ ᠪᠠᠢᠵᠤ᠂ ᠬᠠᠷᠢ ᠶ᠋ᠢᠨ ᠬᠥᠮᠦᠨ ᠳ᠋ᠦ᠍ ᠶᠠᠭᠠᠬᠢᠵᠤ ᠪᠠᠷᠢᠵᠤ ᠥᠭᠬᠦ ᠪᠣᠢ ᠭᠡᠵᠦ ᠬᠠᠯᠠᠰᠢᠷᠠᠨ ᠥᠷᠥᠪᠳᠦᠵᠦ ᠵᠠᠮ ᠳ᠋ᠠᠭᠠᠨ ᠲᠠᠯᠪᠢᠵᠤ ᠪᠤᠴᠠᠭᠠᠭᠠᠳ ᠥᠪᠡᠷᠰᠡᠳ ᠢ᠋ᠶ᠋ᠡᠨ ᠲᠠᠨ ᠢ᠋ ᠪᠢᠰᠢᠷᠡᠨ ᠳᠠᠭᠠᠬᠤ ᠪᠠᠷ ᠢᠷᠡᠪᠡ》 ᠭᠡᠵᠦ ᠬᠡᠯᠡᠶ᠎ᠡ ᠭᠡᠪᠡᠯ ᠨᠠᠶᠠᠭ᠎ᠠ ᠶ᠋ᠢᠨ ᠦᠭᠡ ᠶ᠋ᠢ ᠡᠴᠢᠭᠡ ᠬᠥᠪᠡᠭᠦᠳ ᠵᠥᠪᠰᠢᠶᠡᠷᠡᠵᠦ᠂ ᠲᠠᠷᠭᠤᠲᠠᠢ ᠬᠢᠷᠢᠯᠳᠣᠭ ᠢ᠋ ᠬᠣᠳᠣᠭᠣᠯ ᠨᠤᠭᠤ ᠠ᠋ᠴᠠ ᠲᠠᠯᠪᠢᠵᠤ ᠶᠠᠪᠤᠭᠤᠯᠤᠭᠠᠳ᠂ ᠰᠢᠷᠬᠥᠬᠡᠲᠦ ᠡᠪᠦᠭᠡᠨ᠂ ᠠᠯᠠᠭ ᠨᠠᠶᠠᠭ᠎ᠠ ᠬᠣᠶᠠᠷ ᠬᠥᠪᠡᠭᠦᠨ ᠦ᠌ ᠬᠠᠮᠲᠤ ᠴᠢᠩᠭᠢᠰ ᠬᠠᠭᠠᠨ ᠳ᠋ᠤ᠌ ᠬᠦᠷᠴᠦ ᠢᠷᠡᠪᠡ᠃ ᠲᠡᠳᠡᠨ ᠦ᠌ ᠢᠷᠠᠭᠰᠠᠨ ᠤᠴᠢᠷ ᠢ᠋ ᠠᠰᠠᠭᠤᠪᠠᠯ᠂ ᠰᠢᠷᠬᠥᠬᠡᠲᠦ ᠡᠪᠦᠭᠡᠨ᠂ ᠴᠢᠩᠭᠢᠰ ᠬᠠᠭᠠᠨ ᠳ᠋ᠤ᠌ ᠥᠭᠦᠯᠡᠷᠦᠨ᠄
《ᠪᠢᠳᠡ᠂ ᠲᠠᠷᠭᠤᠲᠠᠢ ᠬᠢᠷᠢᠯᠳᠣᠭ ᠢ᠋ ᠠᠪᠴᠢᠷᠠᠵᠤ ᠶᠠᠪᠤᠭᠰᠠᠨ ᠪᠣᠯᠪᠠᠴᠤ᠂ ᠵᠠᠮ ᠳ᠋ᠤ᠌ ᠡᠵᠡᠨ ᠢ᠋ᠶ᠋ᠡᠨ ᠬᠠᠷᠠᠭᠰᠠᠭᠠᠷ ᠪᠠᠢᠵᠤ ᠬᠠᠷᠢ ᠶ᠋ᠢᠨ ᠬᠥᠮᠦᠨ ᠳ᠋ᠦ᠍ ᠶᠠᠭᠠᠬᠢᠵᠤ ᠪᠠᠷᠢᠵᠤ ᠥᠭᠬᠦ ᠪᠣᠢ ᠭᠡᠵᠦ ᠲᠠᠯᠪᠢᠵᠤ ᠪᠤᠴᠠᠭᠠᠭᠠᠳ᠂ ᠪᠢᠳᠡ ᠥᠪᠡᠰᠦᠪᠡᠨ ᠴᠢᠩᠭᠢᠰ ᠬᠠᠭᠠᠨ ᠳ᠋ᠤ᠌ ᠬᠦᠴᠦ ᠪᠡᠨ ᠡᠷᠭᠦᠬᠦ ᠪᠡᠷ ᠢᠷᠡᠪᠡ》 ᠭᠡᠪᠡ᠃ ᠴᠢᠩᠭᠢᠰ ᠬᠠᠭᠠᠨ ᠥᠭᠦᠯᠡᠷᠦᠨ᠄
《ᠬᠠᠨ ᠡᠵᠡᠨ ᠲᠠᠷᠭᠤᠲᠠᠢ ᠶ᠋ᠢ ᠬᠠᠯᠳᠠᠵᠤ ᠠᠪᠴᠢᠷᠠᠭᠰᠠᠨ ᠪᠥᠭᠡᠰᠦ ᠬᠠᠨ ᠳ᠋ᠠᠭᠠᠨ ᠬᠠᠯᠳᠠᠭᠰᠠᠨ ᠬᠠᠷᠠᠴᠤ ᠠᠷᠠᠳ ᠲᠤ᠌ ᠢᠲᠡᠭᠡᠵᠦ ᠦᠯᠦ ᠪᠣᠯᠬᠤ ᠲᠤᠯᠠ ᠬᠠᠷᠢᠨ ᠲᠠ ᠨᠠᠷ ᠢ᠋ ᠬᠠᠮᠢᠶᠠᠲᠠᠨ ᠰᠠᠳᠤᠨ ᠤ᠋ ᠬᠠᠮᠲᠤ ᠠᠯᠠᠬᠤ ᠪᠥᠯᠥᠭᠡ᠂ ᠬᠠᠨ ᠡᠵᠡᠨ ᠢ᠋ᠶ᠋ᠡᠨ ᠬᠠᠢᠷᠠᠯᠠᠭᠰᠠᠨ ᠬᠠᠯᠠᠭᠤᠨ ᠰᠡᠳᠬᠢᠯ ᠴᠢᠨᠢ ᠬᠠᠷᠢᠨ ᠵᠥᠪ》 ᠭᠡᠳ ᠨᠠᠶᠠᠭ᠎ᠠ ᠶ᠋ᠢ ᠳᠣᠲᠣᠨᠣᠴᠢᠯᠠᠨ ᠥᠷᠥᠰᠢᠶᠡᠪᠡ᠃ ᠢᠳᠡᠭᠰᠡᠭᠡᠷ ᠬᠦᠰᠡᠭᠦᠷ ᠡᠪᠦᠷᠯᠡᠭᠰᠡᠨ
150᠂ ᠲᠡᠭᠦᠨ ᠦ᠌ ᠬᠣᠢᠨ᠎ᠠ᠂ ᠴᠢᠩᠭᠢᠰ ᠬᠠᠭᠠᠨ ᠢ᠋ ᠲᠡᠷᠰᠦᠳ ᠭᠡᠳᠡᠭ ᠭᠠᠵᠠᠷ ᠪᠠᠢᠬᠤ ᠳ᠋ᠤ᠌ ᠬᠡᠷᠡᠢᠳ ᠦ᠋ᠨ ᠵᠠᠬ᠎ᠠ ᠭᠣᠮᠪᠣ ᠨᠥᠬᠥᠷᠯᠡᠬᠦ ᠪᠡᠷ ᠢᠷᠡᠪᠡ᠃ ᠲᠡᠷᠡ ᠴᠠᠭ ᠲᠤ᠌ ᠮᠡᠷᠭᠡᠳ ᠬᠠᠳᠬᠤᠯᠳᠤᠬᠤ ᠪᠠᠷ ᠢᠷᠡᠪᠡᠯ᠂ ᠴᠢᠩᠭᠢᠰ ᠬᠠᠭᠠᠨ᠂ ᠵᠠᠬ᠎ᠠ ᠭᠣᠮᠪᠣ ᠬᠣᠶᠠᠷ ᠬᠠᠳᠬᠤᠯᠳᠤᠨ ᠪᠠᠢᠯᠳᠤᠵᠤ ᠨᠢᠴᠤᠭᠠᠪᠠ᠃ ᠲᠡᠨᠳᠡ ᠲᠦᠮᠡᠨ ᠲᠦᠢᠪᠡᠭᠡᠨ᠂ ᠣᠯᠠᠨ ᠲᠣᠩᠭ᠋ᠠᠢ᠌ᠳ ᠬᠡᠷᠡᠢᠳ ᠦ᠋ᠨ ᠪᠤᠲᠠᠷᠠᠭᠰᠠᠨ ᠢᠷᠭᠡᠨ ᠴᠢᠩᠭᠢᠰ ᠬᠠᠭᠠᠨ ᠳ᠋ᠤ᠌ ᠳᠠᠭᠠᠷ᠎ᠠ ᠢᠷᠡᠪᠡ᠃ ᠬᠡᠷᠡᠢᠳ ᠦ᠋ᠨ ᠸᠠᠩ ᠬᠠᠨ᠂ ᠤᠷᠢᠳ ᠶᠢᠰᠦᠭᠡᠢ ᠪᠠᠭᠠᠲᠤᠷ ᠲᠠᠢ ᠰᠠᠢᠬᠠᠨ ᠬᠠᠨᠢᠯᠠᠵᠤ ᠠᠨᠳᠠ ᠪᠣᠯᠤᠯᠴᠠᠭᠰᠠᠨ ᠪᠢᠯᠡ᠃ ᠠᠨᠳᠠ ᠪᠣᠯᠤᠯᠴᠠᠭᠰᠠᠨ ᠤᠴᠢᠷ ᠢ᠋ ᠬᠡᠯᠡᠪᠡᠯ᠂ ᠸᠠᠩ ᠬᠠᠨ᠂ᠬᠤᠷᠴᠠᠬᠤᠰ ᠪᠣᠢᠷᠤᠭ ᠬᠠᠨ ᠡᠴᠢᠭᠡ ᠶ᠋ᠢᠨ ᠳᠡᠭᠦᠦ ᠨᠠᠷ ᠢ᠋ ᠠᠯᠠᠭᠠᠳ ᠠᠪᠠᠭ᠎ᠠ ᠬᠥᠷ ᠬᠠᠭᠠᠨ ᠲᠠᠢ ᠡᠪᠳᠡᠷᠡᠨ ᠲᠡᠮᠡᠴᠡᠯᠳᠦᠵᠦ᠂ ᠬᠠᠷᠢᠭᠣᠨ ᠬᠠᠪᠴᠢᠯ ᠭᠡᠳᠡᠭ ᠭᠠᠵᠠᠷ ᠰᠢᠷᠭᠤᠨ ᠬᠣᠷᠭᠣᠳᠣᠵᠣ᠂ ᠲᠡᠨᠳᠡ ᠡᠴᠡ ᠵᠠᠭᠤᠨ ᠬᠥᠮᠦᠨ ᠲᠡᠢ ᠠᠷᠠᠢᠬᠠᠨ ᠵᠢᠭᠤᠲᠠᠵᠤ᠂ ᠶᠢᠰᠦᠭᠡᠢ ᠬᠠᠨ ᠳ᠋ᠤ᠌ ᠢᠷᠡᠪᠡᠯ᠂ ᠶᠢᠰᠦᠭᠡᠢ ᠬᠠᠨ᠂ ᠲᠡᠭᠦᠨ ᠢ᠋ ᠠᠰᠠᠷᠠᠨ ᠲᠡᠳᠬᠦᠵᠦ᠂ ᠥᠪᠡᠷ ᠦ᠋ᠨ ᠪᠡᠶ᠎ᠡ ᠪᠡᠷ ᠴᠡᠷᠢᠭ ᠠᠪᠴᠤ ᠮᠣᠷᠳᠠᠭᠠᠳ᠂ ᠬᠥᠷ ᠬᠠᠭᠠᠨ ᠢ᠋ ᠬᠠᠰᠢᠨ ᠣᠷᠣᠨ ᠳ᠋ᠤ᠌ ᠳᠤᠲᠠᠭᠠᠯᠭᠠᠵᠤ᠂ ᠠᠯᠪᠠᠲᠤ ᠢᠷᠭᠡᠳ ᠪᠠ ᠡᠳ᠋ ᠮᠠᠯ ᠢ᠋ ᠸᠠᠩ ᠬᠠᠨ ᠳ᠋ᠤ᠌ ᠠᠪᠴᠤ ᠥᠭᠭᠦᠭᠰᠡᠨ ᠲᠤᠯᠠ ᠠᠨᠳᠠ ᠠᠮᠠᠷᠠᠭ ᠪᠣᠯᠤᠯᠴᠠᠭᠰᠠᠨ ᠪᠢᠯᠡ᠃
151᠂ ᠲᠡᠭᠦᠨ ᠦ᠌ ᠬᠣᠢᠨ᠎ᠠ ᠸᠠᠩ ᠬᠠᠨ ᠤ᠋ ᠳᠡᠭᠦᠦ ᠡᠷᠬᠡ ᠬᠠᠷ᠎ᠠ᠂ ᠠᠬ᠎ᠠ ᠸᠠᠩ ᠬᠠᠨ ᠳ᠋ᠤ᠌ ᠠᠯᠠᠭᠳᠠᠬᠤ ᠠ᠋ᠴᠠ ᠠᠶᠤᠵᠤ ᠳᠤᠲᠠᠭᠠᠨ᠂ ᠨᠢᠮᠡᠨ ᠦ᠌ ᠢᠨᠠᠠᠴᠠ ᠬᠠᠨ ᠳ᠋ᠤ᠌ ᠣᠴᠢᠪᠠ᠃ ᠢᠨᠠᠠᠴᠠ ᠬᠠᠨ᠂ ᠴᠡᠷᠢᠭ ᠮᠣᠷᠳᠠᠭᠤᠯᠵᠤ ᠢᠷᠡᠬᠦ ᠳ᠋ᠦ᠍ ᠸᠠᠩ ᠬᠠᠨ ᠵᠠᠢᠯᠠᠵᠤ᠂ ᠭᠤᠷᠪᠠᠨ ᠬᠣᠲᠠ ᠳᠠᠮᠵᠢᠨ ᠲᠡᠨᠦᠵᠦ ᠬᠠᠷ᠎ᠠ ᠬᠢᠲᠠᠳ ᠤ᠋ᠨ ᠬᠥᠷ ᠬᠠᠨ ᠳ᠋ᠤ᠌ ᠣᠴᠢᠪᠠ᠃ ᠲᠡᠷᠡ ᠬᠠᠨ ᠲᠠᠢ ᠪᠠᠰᠠ ᠡᠪ ᠲᠠᠰᠤᠷᠠᠭᠠᠳ ᠤᠢᠭᠤᠷ ᠤ᠋ᠨ ᠬᠣᠲᠠ᠂ ᠲᠠᠩᠭᠤᠳ ᠤ᠋ᠨ ᠪᠠᠯᠭᠠᠰᠤ ᠪᠠᠷ ᠬᠡᠰᠦᠭᠦᠯᠴᠢᠯᠡᠨ ᠶᠠᠪᠤᠵᠤ᠂ ᠲᠠᠪᠤᠨ ᠢᠮᠠᠭ᠎ᠠ ᠱᠥᠷᠭᠡᠯᠡᠨ ᠰᠠᠭᠠᠵᠤ᠂ ᠲᠡᠮᠡᠭᠡᠨ ᠦ᠌ ᠴᠢᠰᠤ ᠬᠠᠨᠵᠤ ᠢᠳᠡᠭᠰᠡᠭᠡᠷ ᠠᠷᠠᠢ ᠭᠡᠵᠦ ᠬᠦᠰᠠᠬᠥᠷ ᠨᠠᠭᠤᠷ ᠲᠤ᠌ ᠬᠦᠷᠴᠦ ᠢᠷᠡᠪᠡᠯ᠂ ᠤᠷᠢᠳᠤ ᠶᠢᠰᠦᠭᠡᠢ ᠪᠠᠭᠠᠲᠤᠷ ᠲᠠᠢ ᠠᠨᠳᠠ ᠪᠠᠷᠢᠯᠳᠤᠭᠰᠠᠨ ᠢ᠋ ᠴᠢᠩᠭᠢᠰ ᠬᠠᠭᠠᠨ ᠰᠡᠳᠬᠢᠵᠦ᠂ ᠲᠠᠬᠠᠢ ᠪᠠᠭᠠᠲᠤᠷ᠂ ᠰᠦᠬᠡᠬᠡᠢ ᠵᠡᠭᠦᠨ ᠬᠣᠶᠠᠷ ᠢ᠋ ᠡᠯᠴᠢ ᠪᠣᠯᠭᠠᠨ ᠣᠭᠳᠣᠭᠣᠯᠵᠣ᠂ ᠪᠠᠰᠠ ᠳᠠᠷᠠᠭ᠎ᠠ ᠨᠢ ᠬᠡᠷᠦᠯᠦᠨ ᠦ᠌ ᠡᠬᠢᠨ ᠡᠴᠡ᠂ ᠴᠢᠩᠭᠢᠰ ᠬᠠᠭᠠᠨ ᠥᠪᠡᠰᠦᠪᠡᠨ ᠲᠣᠰᠴᠤ ᠠᠪᠤᠭᠠᠳ ᠥᠯᠥᠰᠴᠦ ᠲᠤᠷᠠᠵᠤ ᠢᠷᠡᠪᠡ ᠭᠡᠵᠦ ᠸᠠᠩ ᠬᠠᠨ ᠳ᠋ᠤ᠌ (ᠬᠠᠷᠢᠶᠠᠲᠤ ᠠᠷᠠᠳ ᠠ᠋ᠴᠠ) ᠭᠤᠪᠴᠢᠭᠤᠷ ᠲᠠᠲᠠᠵᠤ ᠦᠭᠭᠡᠳ ᠥᠪᠡᠷ ᠦ᠋ᠨ ᠬᠦᠷᠢᠶᠡᠨ ᠳ᠋ᠦ᠍ ᠠᠭᠤᠯᠵᠤ ᠲᠡᠵᠢᠭᠡᠪᠡ᠃ ᠲᠡᠷᠡ ᠡᠪᠦᠯ ᠬᠠᠮᠲᠤ ᠨᠡᠭᠦᠵᠦ ᠴᠢᠩᠭᠢᠰ ᠬᠠᠭᠠᠨ ᠬᠤᠪᠠ ᠬᠠᠶᠠᠭ᠎ᠠ ᠳ᠋ᠤ᠌ ᠡᠪᠦᠯᠵᠢᠪᠡ᠃
152᠂ ᠲᠡᠷᠡ ᠴᠠᠭ ᠲᠤ᠌ ᠸᠠᠩ ᠬᠠᠨ ᠤ᠋ ᠳᠡᠭᠦᠦ ᠨᠣᠶᠠᠳ ᠤ᠋ᠨ ᠬᠡᠯᠡᠯᠴᠡᠬᠰᠡᠨ ᠨᠢ᠄
ᠡᠨᠡ ᠬᠠᠨ ᠠᠬ᠎ᠠ ᠮᠠᠨᠢ ᠦᠷ᠎ᠡ ᠰᠠᠳᠤᠨ ᠪᠢᠳᠡᠨ ᠢ᠋ ᠦᠨᠡᠰᠦ ᠪᠡᠷ ᠬᠡᠢᠰᠬᠡᠵᠦ ᠪᠣᠯᠬᠤ ᠦᠮᠡᠬᠡᠢ ᠰᠠᠨᠠᠭ᠎ᠠ ᠡᠪᠦᠷᠯᠡᠭᠰᠡᠨ ᠦᠯᠦ ᠪᠦᠲᠦᠬᠦ ᠬᠥᠮᠦᠨ ᠪᠠᠢᠨ᠎ᠠ ᠬᠠᠢᠷᠠᠨ ᠠᠬ᠎ᠠ ᠳᠡᠭᠦᠦ ᠪᠡᠨ ᠬᠠᠮᠣᠷᠠᠨ ᠠᠯᠠᠵᠤ ᠪᠠᠷᠠᠪᠠ ᠬᠠᠷ᠎ᠠ ᠬᠢᠲᠠᠳ ᠲᠤ᠌ ᠪᠠᠰᠠ ᠬᠠᠮᠠᠭᠠᠯᠠᠯ ᠭᠤᠶᠤᠵᠤ ᠰᠢᠷᠭᠤᠪᠠ ᠬᠠᠮᠤᠭ ᠤᠯᠤᠰ ᠢ᠋ᠶ᠋ᠠᠨ ᠬᠠᠢᠷᠠᠯᠠᠬᠤ ᠦᠭᠡᠢ ᠬᠠᠷᠭᠢᠰᠯᠠᠵᠤ ᠵᠣᠪᠠᠭᠠᠪᠠ᠃
ᠡᠭᠦᠨ ᠢ᠋ ᠶᠠᠭᠠᠬᠢᠬᠤ ᠪᠢᠯᠡ? ᠤᠷᠢᠳᠤ ᠳᠣᠯᠣᠭᠠᠨ ᠨᠠᠰᠤᠲᠠᠢ ᠪᠠᠢᠬᠤ ᠳ᠋ᠠᠭᠠᠨ ᠮᠡᠷᠭᠢᠳ ᠢᠷᠭᠡᠨ ᠳ᠋ᠦ᠍ ᠪᠠᠷᠢᠭᠳᠠᠵᠤ᠂ ᠬᠠᠷᠠᠯᠠᠭ ᠢᠰᠢᠭᠡᠨ ᠳᠠᠬᠤ ᠡᠮᠦᠰᠴᠦ᠂ ᠰᠡᠯᠡᠩᠭᠡ ᠶ᠋ᠢᠨ ᠪᠣᠭᠣᠷ᠎ᠠ ᠬᠡᠭᠡᠷ᠎ᠡ ᠳ᠋ᠦ᠍ ᠣᠴᠢᠭᠠᠳ ᠮᠡᠷᠭᠢᠳ ᠦ᠋ᠨ ᠭᠠᠵᠠᠷ ᠪᠤᠳᠠᠭ᠎ᠠ ᠨᠦᠳᠦᠵᠦ ᠠᠮᠢᠳᠤᠷᠠᠵᠤ ᠶᠠᠪᠤᠭᠰᠠᠨ ᠪᠢᠯᠡ᠃ ᠬᠤᠷᠴᠠᠬᠤᠰ ᠪᠣᠢᠷᠤᠭ ᠬᠠᠨ ᠡᠴᠢᠭᠡ ᠨᠢ ᠮᠡᠷᠭᠢᠳ ᠢᠷᠭᠡᠨ ᠢ᠋ ᠪᠠᠢᠯᠳᠤᠨ ᠳᠠᠢᠯᠠᠵᠤ᠂ ᠬᠥᠪᠡᠭᠦᠨ ᠢ᠋ᠶ᠋ᠡᠨ ᠠᠪᠤᠷᠠᠵᠤ ᠢᠷᠠᠭᠰᠠᠨ᠂ ᠭᠡᠲᠡᠯ᠎ᠡ ᠡᠨᠡ ᠲᠣᠭᠣᠷᠢᠯ ᠪᠠᠰᠠ ᠲᠠᠲ᠋ᠠᠷ ᠤ᠋ᠨ ᠠᠵᠠᠢ ᠬᠠᠨ ᠳ᠋ᠤ᠌ ᠠᠷᠪᠠᠨ ᠭᠤᠷᠪᠠᠨ ᠨᠠᠰᠤᠲᠠᠢ ᠪᠠᠢᠬᠤ ᠳ᠋ᠠᠭᠠᠨ ᠡᠬᠡ ᠶ᠋ᠢᠨ ᠬᠠᠮᠲᠤ ᠪᠠᠷᠢᠭᠳᠠᠵᠤ ᠣᠴᠢᠭᠠᠳ ᠲᠡᠭᠦᠨ ᠦ᠌ ᠲᠡᠮᠡᠭᠡ ᠶ᠋ᠢ ᠬᠠᠷᠢᠭᠤᠯᠵᠤ ᠶᠠᠪᠤᠵᠠᠢ᠃ ᠲᠡᠨᠳᠡ ᠡᠴᠡ ᠠᠵᠠᠢ ᠬᠠᠨ ᠤ᠋ ᠬᠤᠨᠢᠴᠢ ᠶ᠋ᠢᠨ ᠬᠠᠮᠲᠤ ᠤᠷᠭᠤᠵᠤ ᠭᠡᠷ ᠲᠡᠭᠡᠨ ᠢᠷᠡᠪᠡ᠃ ᠲᠡᠭᠦᠨ ᠦ᠌ ᠬᠣᠢᠨ᠎ᠠ ᠨᠢᠮᠡᠨ ᠡᠴᠡ ᠠᠶᠤᠨ ᠳᠤᠲᠠᠭᠠᠵᠤ᠂ ᠰᠠᠷᠲᠠᠭᠤᠯ ᠭᠠᠵᠠᠷ ᠤ᠋ᠨ ᠴᠦᠢ ᠮᠥᠷᠡᠨ᠎ᠡ ᠬᠠᠷ᠎ᠠ ᠬᠢᠲᠠᠳ ᠤ᠋ᠨ ᠬᠥᠷ ᠬᠠᠭᠠᠨ ᠳ᠋ᠤ᠌ ᠣᠴᠢᠪᠠ᠃ ᠲᠡᠨᠳᠡ ᠨᠢᠭᠡ ᠵᠢᠯ ᠪᠣᠯᠤᠭᠠᠳ ᠪᠠᠰᠠ ᠵᠠᠢᠯᠠᠵᠤ᠂ ᠤᠢᠭᠤᠷ ᠨᠤᠲᠤᠭ ᠢ᠋ᠶ᠋ᠠᠷ ᠲᠡᠨᠦᠵᠦ᠂ ᠲᠠᠩᠭᠤᠳ ᠭᠠᠵᠠᠷ ᠢ᠋ᠶ᠋ᠠᠷ ᠵᠠᠢᠯᠠᠵᠤ᠂ ᠲᠠᠪᠤᠨ ᠢᠮᠠᠭ᠎ᠠ ᠱᠥᠷᠭᠡᠯᠡᠨ (ᠢᠮᠠᠭ᠎ᠠ ᠶ᠋ᠢ ᠳᠡᠯᠡᠪᠴᠢᠯᠡᠬᠦ ᠪᠤᠶᠤ ᠢᠰᠢᠭᠡᠨ ᠦ᠌ ᠬᠣᠰᠢᠭᠤ ᠶ᠋ᠢ ᠱᠥᠷᠭᠡᠯᠡᠨ) ᠰᠠᠭᠠᠵᠤ᠂ ᠲᠡᠮᠡᠭᠡᠨ ᠦ᠌ ᠴᠢᠰᠤ ᠬᠠᠨᠵᠤ ᠢᠳᠡᠭᠰᠡᠭᠡᠷ ᠭᠠᠭᠴᠠ ᠰᠣᠬᠣᠷ ᠬᠠᠯᠢᠭᠤᠨ ᠮᠣᠷᠢ ᠲᠠᠢ᠂ ᠲᠡᠮᠦᠵᠢᠨ ᠳ᠋ᠦ᠍ ᠶᠠᠳᠠᠵᠤ ᠢᠷᠡᠪᠡᠯ᠂ ᠲᠡᠮᠦᠵᠢᠨ ᠬᠥᠪᠡᠭᠦᠨ᠂ ᠭᠤᠪᠴᠢᠭᠤᠷ ᠲᠠᠲᠠᠵᠤ ᠲᠡᠭᠦᠨ ᠢ᠋ ᠲᠡᠵᠢᠭᠡᠪᠡ᠃ ᠭᠡᠲᠡᠯ᠎ᠡ᠂ ᠣᠳᠣ ᠲᠡᠷᠡ ᠢᠩᠭᠢᠵᠦ ᠶᠠᠪᠤᠭᠰᠠᠨ ᠢ᠋ᠶ᠋ᠠᠨ ᠮᠠᠷᠲᠠᠭᠠᠳ ᠦᠮᠡᠬᠡᠢ ᠡᠯᠢᠭᠡ ᠡᠪᠦᠷᠲᠦᠯᠡᠵᠦ ᠶᠠᠪᠤᠨ᠎ᠠ》 ᠭᠡᠵᠦ ᠬᠡᠯᠡᠯᠴᠡᠪᠡ᠃ ᠡᠨᠡ ᠬᠡᠯᠡᠯᠴᠡᠬᠰᠡᠨ ᠦᠭᠡ ᠶ᠋ᠢ ᠸᠠᠩ ᠬᠠᠨ ᠳ᠋ᠤ᠌ ᠠᠯᠲᠠᠨ ᠠᠱᠣᠭ ᠤᠯᠠᠮᠵᠢᠯᠠᠨ ᠠᠢᠯᠠᠳᠬᠠᠪᠠ᠃
ᠠᠯᠲᠠᠨ ᠠᠱᠣᠭ ᠬᠡᠯᠡᠭᠰᠡᠨ ᠨᠢ᠄ 《ᠪᠢ ᠡᠨᠡ ᠬᠤᠪᠢ ᠶᠠᠷᠢᠶᠠᠨ ᠳ᠋ᠤ᠌ ᠣᠷᠣᠯᠴᠠᠭᠰᠠᠨ ᠪᠢᠯᠡ᠂ ᠭᠡᠲᠡᠯ᠎ᠡ᠂ ᠬᠠᠨ ᠴᠢᠮᠢ᠋ᠢ ᠲᠡᠪᠴᠢᠵᠦ ᠴᠢᠳᠠᠬᠤ ᠦᠭᠡᠢ ᠲᠤᠯᠠ ᠬᠠᠮᠤᠭ ᠰᠣᠨᠣᠰᠤᠭᠰᠠᠨ ᠢ᠋ᠶ᠋ᠠᠨ ᠠᠢᠯᠠᠳᠬᠠᠪᠠ》 ᠭᠡᠵᠡᠢ᠃ ᠲᠡᠷᠡ ᠦᠭᠡ ᠶ᠋ᠢ ᠬᠡᠯᠡᠯᠴᠡᠬᠰᠡᠨ ᠡᠯ ᠬᠣᠳᠣᠷ᠂ ᠬᠣᠯᠪᠠᠷᠢ᠂ ᠠᠷᠢᠨ ᠲᠠᠢᠵᠢ ᠵᠡᠷᠭᠡ ᠶ᠋ᠢᠨ ᠳᠡᠭᠦᠦ ᠨᠣᠶᠠᠳ ᠢ᠋ ᠸᠠᠩ ᠬᠠᠨ ᠪᠠᠷᠢᠭᠤᠯᠪᠠ᠃ ᠸᠠᠩ ᠬᠠᠨ ᠤ᠋ ᠳᠡᠭᠦᠦ ᠵᠠᠬ᠎ᠠ ᠭᠣᠮᠪᠣ ᠠᠮᠵᠢᠨ ᠳᠤᠲᠠᠭᠠᠵᠤ᠂ ᠨᠢᠮᠡᠨ ᠳ᠋ᠦ᠍ ᠣᠴᠢᠪᠠ᠃ ᠪᠠᠷᠢᠪᠴᠢᠯᠠᠨ ᠠᠪᠤᠭᠰᠠᠨ ᠳᠡᠭᠦᠦ ᠨᠠᠷ ᠢ᠋ᠶ᠋ᠠᠨ ᠸᠠᠩ ᠬᠠᠨ ᠨᠢᠭᠡᠨ ᠭᠡᠷ ᠲᠦ᠍ ᠣᠷᠣᠭᠤᠯᠵᠤ ᠥᠭᠦᠯᠡᠷᠦᠨ᠄
《ᠤᠢᠭᠤᠷ ᠨᠤᠲᠤᠭ ᠢ᠋ᠶ᠋ᠠᠷ ᠲᠠᠩᠭ᠋ᠣᠳ ᠭᠠᠵᠠᠷ ᠢ᠋ᠶ᠋ᠠᠷ ᠶᠠᠭᠠᠬᠢᠵᠤ ᠶᠠᠪᠤᠭᠰᠠᠨ ᠭᠡᠵᠦ ᠲᠠ ᠨᠠᠷ ᠬᠡᠯᠡᠭᠰᠡᠨ ᠪᠣᠢ? ᠲᠠ ᠨᠠᠷ ᠮᠤᠤᠰᠠᠢᠨ ᠶᠠᠭᠤ ᠭᠡᠵᠦ ᠪᠣᠳᠣᠪᠠ?》 ᠭᠡᠳ ᠨᠢᠭᠤᠷ ᠲᠤᠨᠢ ᠨᠤᠯᠮᠤᠵᠤ᠂ ᠭᠡᠷ ᠲᠦ᠍ ᠪᠠᠢᠭᠰᠠᠨ ᠠᠷᠠᠳ ᠴᠥᠮ ᠢ᠋ ᠪᠤᠰᠬᠠᠨ ᠨᠤᠯᠮᠤᠭᠤᠯᠵᠤ ᠂ ᠲᠡᠳᠡᠨ ᠦ᠌ ᠬᠦᠯᠦᠭ ᠢ᠋ (ᠬᠦᠯᠢᠶᠡᠰᠦ) ᠲᠠᠯᠪᠢᠭᠤᠯᠪᠠ᠃
153᠂ ᠲᠡᠷᠡ ᠡᠪᠦᠯ ᠡᠪᠦᠯᠵᠢᠵᠦ ᠂ ᠨᠣᠬᠠᠢ ᠵᠢᠯ ᠦ᠋ᠨ (1202 ᠣᠨ) ᠨᠠᠮᠤᠷ᠂ ᠴᠢᠩᠭᠢᠰ ᠬᠠᠭᠠᠨ ᠂ ᠴᠠᠭᠠᠨ ᠳᠠᠲ᠋ᠠᠷ᠂ ᠠᠯᠴᠤ ᠲᠠᠲ᠋ᠠᠷ᠂ ᠳᠤᠳᠠᠭᠤᠳ ᠳᠠᠲ᠋ᠠᠷ᠂ ᠠᠯᠤᠬᠠᠢ ᠲᠠᠲ᠋ᠠᠷ ᠨᠠᠷ ᠲᠠᠢ ᠳᠠᠯᠠᠨ ᠨᠥᠮᠥᠷᠬᠡᠰ ᠭᠡᠳᠡᠭ ᠭᠠᠵᠠᠷ ᠪᠠᠢᠯᠳᠤᠬᠤ ᠶ᠋ᠢᠨ ᠤᠷᠢᠳ ᠴᠢᠩᠭᠢᠰ ᠬᠠᠭᠠᠨ᠂ ᠴᠠᠭᠠᠵᠠ ᠲᠣᠭᠲᠠᠭᠠᠵᠤ ᠵᠠᠷᠯᠠᠭᠰᠠᠨ ᠨᠢ᠄ 《ᠳᠠᠢᠰᠤᠨ ᠢ᠋ ᠳᠠᠷᠤᠬᠤ ᠴᠠᠭ ᠲᠤ᠌ ᠣᠯᠵᠠᠨ ᠳ᠋ᠤ᠌ ᠪᠤᠤ ᠰᠠᠭᠠᠳᠣᠭᠳᠣᠨ᠂ ᠳᠠᠢᠰᠤᠨ ᠨᠢᠭᠡᠨᠲᠡ ᠳᠠᠷᠤᠭᠳᠠᠪᠠᠯ ᠲᠡᠳᠡᠨ ᠦ᠌ ᠶᠠᠭᠤᠮ᠎ᠠ ᠬᠡᠵᠢᠶ᠎ᠡ ᠴᠦ᠍ ᠪᠢᠳᠡᠨ ᠦ᠌ ᠣᠯᠵᠠ ᠪᠣᠯᠬᠤ ᠲᠤᠯᠠ ᠬᠤᠪᠢᠶᠠᠯᠳᠤᠵᠤ ᠠᠮᠵᠢᠨ᠎ᠠ᠃ ᠬᠡᠷᠪᠡ ᠪᠢᠳᠡ ᠤᠬᠤᠷᠢᠬᠤ ᠳ᠋ᠤ᠌ ᠬᠦᠷᠪᠡᠯ ᠠᠩᠬ᠎ᠠ ᠳᠣᠪᠲᠣᠯᠤᠭᠰᠠᠨ ᠪᠠᠢᠷᠢᠨ ᠳ᠋ᠠᠭᠠᠨ ᠳᠠᠷᠤᠢ ᠡᠭᠡᠵᠦ ᠢᠷᠡᠪᠡᠯ ᠵᠣᠬᠢᠨ᠎ᠠ᠃ ᠤᠭ ᠪᠠᠢᠷᠢᠨ ᠳ᠋ᠠᠭᠠᠨ ᠡᠭᠡᠵᠦ ᠢᠷᠡᠭᠡ ᠦᠭᠡᠢ ᠬᠥᠮᠦᠨ ᠢ᠋ ᠠᠯᠠᠲᠤᠭᠠᠢ》 ᠭᠡᠵᠦ ᠡᠢᠮᠦ ᠵᠠᠰᠠᠭ ᠲᠣᠭᠲᠠᠭᠠᠵᠤ ᠵᠠᠷᠯᠠᠪᠠ᠃ ᠳᠠᠯᠠᠨ ᠨᠥᠮᠥᠷᠬᠡᠰ ᠭᠡᠳᠡᠭ ᠭᠠᠵᠠᠷ ᠲᠠᠲ᠋ᠠᠷ ᠲᠠᠢ ᠪᠠᠢᠯᠳᠤᠵᠤ ᠲᠡᠳᠡᠨ ᠢ᠋ ᠳᠤᠲᠠᠭᠠᠯᠭᠠᠪᠠ᠃ ᠲᠡᠳᠡᠨ ᠢ᠋ ᠨᠡᠬᠡᠨ ᠪᠠᠢᠯᠳᠤᠵᠤ᠂ ᠣᠯᠬᠤᠢ ᠰᠢᠯᠦᠬᠡᠯᠵᠢᠥᠨ ᠭᠡᠳᠡᠭ ᠭᠠᠵᠠᠷ ᠡᠵᠡᠯᠡᠨ ᠳᠠᠭᠠᠭᠤᠯᠪᠠ᠃ ᠴᠠᠭᠠᠨ ᠲᠠᠲ᠋ᠠᠷ᠂ ᠠᠯᠴᠤ ᠲᠠᠲ᠋ᠠᠷ᠂ ᠲᠣᠳᠠᠭᠣᠳ ᠲᠠᠲ᠋ᠠᠷ᠂ ᠠᠯᠤᠬᠠᠢ ᠲᠠᠲ᠋ᠠᠷ ᠨᠠᠷ ᠤ᠋ᠨ ᠡᠷᠬᠡᠲᠡᠨ ᠢ᠋ (ᠳᠡᠭᠡᠳᠦ ᠢᠵᠠᠭᠤᠷᠲᠠᠨ) ᠳᠠᠷᠤᠵᠤ ᠬᠠᠷᠢᠶᠠᠲᠤ ᠨᠠᠷ ᠢ᠋ ᠡᠵᠡᠯᠡᠬᠦ ᠴᠠᠭ ᠲᠤ᠌ ᠲᠣᠭᠲᠠᠭᠠᠭᠰᠠᠨ ᠴᠠᠭᠠᠵᠠ ᠶ᠋ᠢ ᠠᠯᠲᠠᠨ ᠬᠣᠴᠠᠷ ᠲᠠᠷᠲᠠᠢ ᠭᠤᠷᠪᠠᠭᠤᠯᠠ ᠵᠥᠷᠢᠴᠡᠵᠦ᠂ ᠣᠯᠵᠠᠨ ᠳ᠋ᠤ᠌ ᠰᠢᠨᠤᠨ ᠪᠠᠢᠯᠳᠤᠭᠠᠨ ᠠ᠋ᠴᠠ ᠰᠠᠭᠠᠲᠠᠵᠠᠢ᠃ ᠬᠡᠯᠡᠭᠰᠡᠨ ᠦᠭᠡᠨ ᠳ᠋ᠡᠭᠡᠨ ᠬᠦᠷᠦᠭᠰᠡᠨ ᠦᠭᠡᠢ᠂ ᠲᠣᠭᠲᠠᠭᠠᠭᠰᠠᠨ ᠴᠠᠭᠠᠵᠠ ᠶ᠋ᠢ ᠳᠠᠭᠠᠭᠰᠠᠨ ᠦᠭᠡᠢ ᠭᠡᠵᠦ ᠵᠡᠪᠡ ᠬᠤᠪᠢᠯᠠᠢ ᠬᠣᠶᠠᠷ ᠢ᠋ ᠶᠠᠪᠤᠭᠤᠯᠵᠤ᠂ ᠲᠡᠳᠡᠨ ᠦ᠌ ᠣᠯᠵᠠᠯᠠᠭᠰᠠᠨ ᠠᠳᠤᠭᠤ ᠪᠠ ᠶᠠᠭᠤᠮ᠎ᠠ ᠶ᠋ᠢ ᠪᠦᠷᠢᠨ ᠢ᠋ᠶ᠋ᠡᠷ ᠬᠣᠷᠢᠶᠠᠨ ᠠᠪᠠᠬᠠᠭᠣᠯᠪᠠ᠃
154᠂ ᠲᠠᠲ᠋ᠠᠷ ᠢ᠋ ᠰᠥᠨᠥᠭᠡᠵᠦ᠂ ᠪᠦᠭᠦᠳᠡ ᠶ᠋ᠢ ᠡᠵᠡᠯᠡᠭᠰᠡᠨ ᠬᠣᠢᠨ᠎ᠠ᠂ ᠤᠯᠤᠰ ᠢᠷᠭᠡᠨ ᠢ᠋ ᠨᠢ ᠶᠠᠭᠠᠬᠢᠬᠤ ᠲᠤᠬᠠᠢ ᠴᠢᠩᠭᠢᠰ ᠬᠠᠭᠠᠨ᠂ ᠠᠯᠲᠠᠨ ᠤᠷᠤᠭ ᠢ᠋ᠶ᠋ᠠᠨ ᠴᠤᠭᠯᠠᠭᠤᠯᠵᠤ ᠨᠢᠭᠡ ᠭᠡᠷ ᠲᠦ᠍ ᠣᠷᠣᠭᠠᠳ ᠶᠡᠬᠡ ᠵᠥᠪᠯᠡᠯᠳᠦᠭᠡᠨ ᠢ᠋ ᠬᠢᠪᠡ᠃ ᠲᠡᠳᠡᠨ ᠦ᠌ ᠵᠥᠪᠯᠡᠭᠰᠡᠨ ᠨᠢ᠄
《ᠡᠷᠲᠡ ᠴᠠᠭ ᠠ᠋ᠴᠠ ᠨᠠᠰᠢ ᠡᠴᠢᠭᠡ ᠡᠪᠦᠭᠡᠳ ᠢ᠋ ᠮᠢᠨᠢ ᠬᠣᠣᠷᠯᠠᠭᠰᠠᠨ ᠡᠨᠡ ᠮᠤᠤᠰᠠᠢᠨ ᠲᠠᠲ᠋ᠠᠷ ᠤ᠋ᠳ ᠢ᠋ ᠡᠭᠡᠨᠡᠭᠲᠡ ᠳᠠᠭᠤᠰᠬᠠᠬᠤ ᠶ᠋ᠢᠨ ᠲᠤᠯᠠ ᠲᠡᠷᠭᠡᠨ ᠦ᠌ ᠪᠤᠯᠤ ᠳ᠋ᠤ᠌ ᠬᠡᠮᠵᠢᠨ ᠦᠭᠡᠢ ᠬᠢᠵᠦ ᠤᠰᠠᠳᠬᠠᠶ᠎ᠠ᠂ ᠦᠯᠡᠳᠡᠭᠰᠡᠨ ᠡᠬᠡᠨᠡᠷ ᠬᠡᠦᠬᠡᠳ ᠢ᠋ ᠡᠭᠦᠳᠡ ᠪᠦᠷᠢ ᠳ᠋ᠦ᠍ ᠬᠤᠪᠢᠶᠠᠵᠤ ᠡᠭᠦᠷᠢᠳᠡ ᠶ᠋ᠢᠨ ᠪᠣᠭᠣᠯ ᠪᠣᠯᠭᠠᠶ᠎ᠠ》 ᠭᠡᠵᠦ ᠵᠥᠪᠯᠡᠯᠳᠦᠵᠦ ᠲᠣᠭᠲᠠᠭᠠᠭᠠᠳ᠂ ᠭᠡᠷ ᠡᠴᠡ ᠭᠠᠷᠪᠠᠯ ᠲᠠᠲ᠋ᠠᠷ ᠤ᠋ᠨ ᠶᠡᠬᠡ ᠴᠡᠷᠢᠭ᠂ ᠪᠡᠯᠭᠦᠳᠡᠢ ᠡᠴᠡ ᠠᠰᠠᠭᠤᠷᠤᠨ᠄ 《ᠲᠠ ᠨᠠᠷ ᠶᠠᠮᠠᠷ ᠦᠭᠡ ᠵᠥᠪᠯᠡᠯᠳᠦᠪᠡ?》 ᠭᠡᠪᠡᠯ ᠪᠡᠯᠭᠦᠳᠡᠢ ᠥᠭᠦᠯᠡᠷᠦᠨ᠄
《ᠲᠠ ᠪᠦᠭᠦᠳᠡ ᠶ᠋ᠢ ᠲᠡᠩᠭᠡᠯᠢᠭ ᠦ᠋ᠨ ᠴᠦ᠍ ᠳ᠋ᠦ᠍ ᠬᠡᠮᠵᠢᠵᠦ᠂ ᠲᠡᠭᠦᠨ ᠡᠴᠡ ᠥᠨᠳᠥᠷ ᠨᠢᠷᠣᠭᠣᠳᠠᠨ ᠢ᠋ ᠴᠥᠮ ᠢ᠋ ᠬᠢᠳᠤᠬᠤ ᠪᠠᠷ ᠲᠣᠭᠲᠠᠪᠠ》 ᠭᠡᠪᠡ᠃ ᠪᠡᠯᠭᠦᠳᠡᠢ ᠶ᠋ᠢᠨ ᠡᠨᠡ ᠦᠭᠡ ᠶ᠋ᠢ ᠰᠣᠨᠣᠰᠤᠭᠠᠳ ᠶᠡᠬᠡ ᠴᠠᠷᠠᠩ᠂ ᠣᠯᠠᠨ ᠲᠠᠲ᠋ᠠᠷ ᠲᠤ᠌ ᠲᠤᠩᠬᠠᠭ ᠵᠠᠷᠯᠠᠵᠤ᠂ ᠬᠣᠷᠢᠶ᠎ᠠ ᠪᠡᠬᠢᠯᠡᠯᠲᠡ ᠳ᠋ᠦ᠍ ᠴᠤᠭᠯᠠᠭᠤᠯᠪᠠ᠃ ᠲᠡᠳᠡᠨ ᠦ᠌ ᠪᠡᠬᠢᠯᠡᠯᠲᠡ ᠶ᠋ᠢ ᠡᠪᠳᠡᠬᠦ ᠶ᠋ᠢᠨ ᠲᠤᠯᠠ ᠮᠠᠨ ᠤ᠋ ᠴᠡᠷᠢᠭ ᠦ᠋ᠳ ᠮᠠᠰᠢ ᠶᠡᠬᠡ ᠬᠣᠬᠢᠷᠠᠪᠠ᠃ ᠪᠡᠬᠢᠯᠡᠯᠲᠡ ᠳ᠋ᠦ᠍ ᠴᠤᠭᠯᠠᠭᠰᠠᠨ ᠲᠠᠲ᠋ᠠᠷ ᠤ᠋ᠳ ᠢ᠋ ᠠᠷᠠᠢ ᠭᠡᠵᠦ ᠡᠵᠡᠯᠡᠨ ᠠᠪᠴᠤ ᠲᠡᠩᠭᠡᠯᠢᠭ ᠲᠦ᠍ ᠴᠢᠴᠣᠣᠯᠠᠨ ᠬᠢᠳᠤᠬᠤ ᠳ᠋ᠤ᠌ ᠲᠠᠲ᠋ᠠᠷ ᠨᠠᠷ ᠬᠥᠮᠦᠨ ᠳᠣᠳᠣᠮ 《ᠳᠡᠷ᠎ᠡ ᠠᠪᠴᠤ ᠥᠭᠭᠦᠶ᠎ᠡ》 ᠭᠡᠵᠦ ᠬᠢᠲᠤᠭ᠎ᠠ ᠬᠠᠨᠴᠤᠢᠯᠠᠵᠤ ᠪᠠᠢᠭᠰᠠᠨ ᠲᠤᠯᠠ ᠲᠡᠭᠦᠨ ᠡᠴᠡ ᠪᠠᠰᠠ ᠮᠠᠨ ᠤ᠋ ᠴᠡᠷᠢᠭ ᠦ᠋ᠳ ᠶᠡᠬᠡ ᠬᠣᠬᠢᠷᠠᠵᠠᠢ᠃ ᠲᠡᠳᠡᠭᠡᠷ ᠲᠠᠲ᠋ᠠᠷ ᠨᠠᠷ ᠢ᠋ ᠲᠡᠩᠭᠡᠯᠢᠭ ᠲᠦ᠍ ᠴᠢᠴᠣᠣᠯᠠᠨ ᠬᠢᠳᠤᠵᠤ ᠳᠠᠭᠤᠰᠤᠭᠠᠳ ᠴᠢᠩᠭᠢᠰ ᠬᠠᠭᠠᠨ ᠵᠠᠷᠯᠢᠭ ᠪᠣᠯᠤᠷᠤᠨ᠄ 《ᠪᠢᠳᠡ ᠤᠷᠤᠭ ᠢ᠋ᠶ᠋ᠠᠷ ᠢ᠋ᠶ᠋ᠠᠨ ᠶᠡᠬᠡ ᠵᠥᠪᠯᠡᠯᠳᠦᠭᠡᠨ ᠬᠢᠭᠰᠡᠨ ᠢ᠋ ᠪᠡᠯᠭᠦᠳᠡᠢ ᠭᠠᠷᠭᠠᠵᠤ ᠬᠡᠯᠡᠭᠡᠳ ᠪᠢᠳᠡᠨ ᠦ᠌ ᠴᠡᠷᠢᠭ ᠦ᠋ᠳ ᠲᠦ᠍ ᠮᠠᠰᠢ ᠶᠡᠬᠡ ᠬᠣᠬᠢᠷᠠᠯ ᠢ᠋ ᠤᠴᠠᠷᠠᠭᠤᠯᠪᠠ᠃ ᠡᠭᠦᠨ ᠡᠴᠡ ᠬᠣᠢᠰᠢ᠂ ᠡᠶ᠎ᠡ ᠶᠡᠬᠡ ᠵᠥᠪᠯᠡᠯᠳᠦᠬᠦ ᠳ᠋ᠦ᠍ ᠪᠡᠯᠭᠦᠳᠡᠢ ᠶ᠋ᠢ ᠪᠤᠤ ᠤᠷᠤᠭᠤᠯ᠂ ᠵᠥᠪᠯᠡᠯᠳᠦᠭᠡᠨ ᠬᠢᠵᠦ ᠪᠠᠢᠬᠤ ᠳ᠋ᠤ᠌᠂ ᠪᠡᠯᠭᠦᠳᠡᠢ ᠭᠠᠳᠠᠨᠠᠬᠢ ᠦᠢᠯᠡ ᠶ᠋ᠢ ᠵᠠᠬᠢᠷᠴᠤ᠂ ᠬᠡᠷᠡᠭᠦᠯ ᠪᠠ ᠬᠤᠯᠠᠭᠠᠢ ᠬᠤᠳᠠᠯ ᠤ᠋ᠨ ᠵᠠᠷᠭᠤ ᠶ᠋ᠢ ᠰᠢᠭᠦᠵᠦ ᠪᠠᠢᠲᠤᠭᠠᠢ᠃ ᠵᠥᠪᠯᠡᠯᠳᠦᠭᠡᠨ ᠲᠡᠭᠦᠰᠴᠦ᠂ ᠰᠠᠷᠬᠤᠳ ᠤᠤᠭᠤᠭᠰᠠᠨ ᠤ᠋ ᠬᠣᠢᠨ᠎ᠠ ᠪᠡᠯᠭᠦᠳᠡᠢ ᠳᠡᠷᠳᠡᠢ ᠬᠣᠶᠠᠷ ᠰᠠᠶᠢ ᠣᠷᠣᠵᠤ ᠪᠣᠯᠤᠨ᠎ᠠ》 ᠭᠡᠵᠦ ᠵᠠᠷᠯᠢᠭ ᠪᠣᠯᠪᠠ᠃
155᠂ ᠲᠡᠷᠡ ᠴᠠᠭ ᠲᠤ᠌ ᠲᠠᠲ᠋ᠠᠷ ᠤ᠋ᠨ ᠶᠡᠬᠡ ᠴᠠᠷᠠᠩ ᠤ᠋ᠨ ᠥᠬᠢᠨ ᠶᠢᠰᠦᠬᠡᠨ ᠢ᠋ ᠴᠢᠩᠭᠢᠰ ᠬᠠᠭᠠᠨ ᠥᠪᠡᠷ ᠦ᠋ᠨ ᠬᠠᠲᠤᠨ ᠪᠣᠯᠭᠠᠵᠤ ᠠᠪᠪᠠ᠃ ᠶᠢᠰᠦᠬᠡᠨ ᠬᠠᠲᠤᠨ ᠴᠢᠩᠭᠢᠰ ᠬᠠᠭᠠᠨ ᠤ᠋ ᠥᠷᠥᠰᠢᠶᠡᠯ ᠳ᠋ᠦ᠍ ᠣᠷᠣᠵᠤ ᠥᠭᠦᠯᠡᠷᠦᠨ᠄ 《ᠬᠠᠭᠠᠨ ᠰᠣᠶᠣᠷᠬᠠᠪᠠᠯ᠂ ᠨᠠᠮ᠎ᠠ ᠶ᠋ᠢ ᠬᠥᠮᠦᠨ ᠳ᠋ᠦ᠍ ᠪᠣᠳᠣᠵᠤ ᠠᠰᠠᠷᠠᠬᠤ ᠪᠢᠵᠡ᠂ ᠮᠢᠨᠦ ᠡᠭᠡᠴᠢ ᠶᠢᠰᠣᠢ ᠨᠠᠳᠠ ᠠ᠋ᠴᠠ ᠳᠡᠭᠡᠷ᠎ᠡ᠂ ᠬᠠᠨ ᠬᠥᠮᠦᠨ ᠳ᠋ᠦ᠍ ᠵᠣᠬᠢᠯᠳᠤᠬᠤ ᠭᠤᠸ᠎ᠠ ᠪᠥᠯᠥᠭᠡ᠂ ᠭᠠᠭᠴᠠᠬᠦ ᠰᠠᠶᠢ ᠶ᠋ᠢᠨ ᠪᠤᠳᠤᠯᠢᠶᠠᠨ ᠳ᠋ᠤ᠌ ᠬᠠᠮᠢᠭᠠᠰᠢ ᠣᠳᠤᠭᠰᠠᠨ ᠢ᠋ ᠮᠡᠳᠡᠬᠦ ᠦᠭᠡᠢ》 ᠭᠡᠪᠡᠯ ᠴᠢᠩᠭᠢᠰ ᠬᠠᠭᠠᠨ ᠥᠭᠦᠯᠡᠷᠦᠨ᠄ 《ᠡᠭᠡᠴᠢ ᠴᠢᠨᠢ ᠦᠨᠡᠬᠡᠷ ᠴᠢᠮ᠎ᠠ ᠠ᠋ᠴᠠ ᠭᠤᠸ᠎ᠠ ᠪᠣᠯ ᠲᠡᠭᠦᠨ ᠢ᠋ ᠢᠷᠡᠭᠦᠯᠦᠶ᠎ᠡ ᠂ ᠡᠭᠡᠴᠢ ᠪᠡᠨ ᠢᠷᠡᠪᠡᠯ ᠴᠢ ᠵᠠᠢᠯᠠᠵᠤ ᠰᠠᠭᠤᠷᠢᠨ ᠢ᠋ᠶ᠋ᠠᠨ ᠥᠭᠬᠦ ᠤᠤ?》 ᠭᠡᠪᠡ᠃ ᠶᠢᠰᠦᠬᠡᠨ ᠬᠠᠲᠤᠨ ᠥᠭᠦᠯᠡᠷᠦᠨ᠄ 《ᠬᠠᠭᠠᠨ ᠰᠣᠶᠣᠷᠬᠠᠵᠤ᠂ ᠡᠭᠡᠴᠢ ᠶ᠋ᠢ ᠮᠢᠨᠢ ᠠᠪᠴᠢᠷᠠᠵᠤ ᠠᠭᠤᠯᠵᠠᠭᠤᠯᠪᠠᠯ᠂ ᠪᠢ ᠡᠭᠡᠴᠢ ᠳ᠋ᠡᠭᠡᠨ ᠳᠠᠷᠤᠢ ᠵᠠᠢᠯᠠᠶ᠎ᠠ》 ᠭᠡᠪᠡ᠃ ᠡᠨᠡ ᠦᠭᠡᠨ ᠳ᠋ᠦ᠍ ᠴᠢᠩᠭᠢᠰ ᠬᠠᠭᠠᠨ ᠲᠤᠩᠬᠠᠭ ᠵᠠᠷᠯᠠᠵᠤ ᠢᠷᠡᠭᠦᠯᠪᠡᠯ ᠶᠢᠰᠣᠢ ᠬᠠᠲᠤᠨ᠂ ᠥᠪᠡᠷ ᠦ᠋ᠨ ᠬᠦᠷᠭᠡᠨ ᠲᠡᠢ ᠬᠠᠮᠲᠤ ᠬᠠᠳᠠ ᠣᠢ ᠳ᠋ᠤ᠌ ᠳᠤᠲᠠᠭᠠᠵᠤ ᠶᠠᠪᠤᠬᠤ ᠶ᠋ᠢ ᠪᠢᠳᠡᠨ ᠦ᠌ ᠴᠡᠷᠢᠭ ᠦ᠋ᠳ ᠦᠵᠡᠵᠦ ᠶᠢᠰᠣᠢ ᠬᠠᠲᠤᠨ ᠢ᠋ ᠪᠠᠷᠢᠵᠤ ᠠᠪᠴᠢᠷᠠᠭᠰᠠᠨ ᠪᠠ ᠡᠷ᠎ᠡ ᠨᠢ ᠳᠤᠲᠠᠭᠠᠵᠠᠢ᠃ ᠶᠢᠰᠦᠬᠡᠨ ᠬᠠᠲᠤᠨ᠂ ᠡᠭᠡᠴᠢ ᠪᠡᠨ ᠦᠵᠡᠭᠡᠳ ᠬᠡᠯᠡᠭᠰᠡᠨ ᠦᠭᠡᠨ ᠳ᠋ᠡᠭᠡᠨ ᠬᠦᠷᠴᠦ ᠪᠣᠰᠤᠭᠠᠳ ᠰᠠᠭᠤᠭᠰᠠᠨ ᠰᠠᠭᠤᠷᠢᠨ ᠳ᠋ᠠᠭᠠᠨ ᠰᠠᠭᠤᠯᠭᠠᠵᠤ᠂ ᠥᠪᠡᠷ ᠢ᠋ᠶ᠋ᠡᠨ ᠳᠣᠣᠷᠠᠲᠤ ᠡᠲᠡᠭᠡᠳ (ᠳᠣᠣᠷᠠᠲᠤ ᠲᠠᠯ᠎ᠠ) ᠳ᠋ᠤ᠌ ᠰᠠᠭᠤᠪᠠ᠃ ᠶᠢᠰᠦᠬᠡᠨ ᠬᠠᠲᠤᠨ ᠤ᠋ ᠬᠡᠯᠡᠭᠰᠡᠨ ᠲᠡᠢ ᠠᠳᠠᠯᠢ ᠶᠢᠰᠣᠢ ᠬᠠᠲᠤᠨ ᠦᠨᠡᠬᠡᠷ ᠭᠤᠸ᠎ᠠ ᠲᠤᠯᠠ ᠴᠢᠩᠭᠢᠰ ᠬᠠᠭᠠᠨ ᠠᠩᠬᠠᠷᠤᠨ ᠥᠷᠥᠰᠢᠶᠡᠵᠦ᠂ ᠬᠠᠲᠤᠳ ᠤ᠋ᠨ ᠥᠷᠥᠭᠡ ᠳ᠋ᠦ᠍ ᠰᠠᠭᠤᠯᠭᠠᠪᠠ᠃
156᠂ ᠲᠠᠲ᠋ᠠᠷ ᠨᠠᠷ ᠢ᠋ ᠳᠣᠪᠲᠣᠯᠤᠨ ᠳᠠᠭᠤᠰᠬᠠᠵᠤ᠂ ᠨᠢᠭᠡᠨ ᠡᠳᠦᠷ ᠴᠢᠩᠭᠢᠰ ᠬᠠᠭᠠᠨ᠂ ᠭᠡᠷ ᠦ᠋ᠨ ᠭᠠᠳᠠᠨ᠎ᠠ ᠶᠢᠰᠣᠢ ᠬᠠᠲᠤᠨ᠂ ᠶᠢᠰᠦᠬᠡᠨ ᠬᠠᠲᠤᠨ ᠬᠣᠶᠠᠷ ᠤ᠋ᠨ ᠳᠤᠮᠳᠠ ᠰᠠᠭᠤᠵᠤ ᠤᠮᠳᠠ ᠤᠤᠭᠤᠵᠤ ᠪᠠᠢᠲᠠᠯ᠎ᠠ ᠶᠢᠰᠣᠢ ᠬᠠᠲᠤᠨ ᠶᠡᠬᠡᠳᠡ ᠰᠠᠨᠠᠭ᠎ᠠ ᠠᠯᠳᠠᠪᠠ᠃ ᠡᠭᠦᠨ ᠳ᠋ᠦ᠍ ᠴᠢᠩᠭᠢᠰ ᠬᠠᠭᠠᠨ ᠳᠣᠲᠣᠷ᠎ᠠ ᠪᠠᠨ ᠰᠡᠵᠢᠭ ᠠᠪᠴᠤ᠂ ᠪᠣᠭᠣᠷᠴᠤ ᠮᠤᠬᠤᠯᠠᠢ ᠬᠣᠶᠠᠷ ᠨᠣᠶᠠᠨ ᠢ᠋ ᠤᠷᠢᠵᠤ ᠢᠷᠡᠭᠦᠯᠦᠭᠡᠳ ᠥᠭᠦᠯᠡᠷᠦᠨ᠄ 《ᠲᠠ ᠬᠣᠶᠠᠷ ᠡᠨᠳᠡ ᠴᠤᠭᠯᠠᠭᠰᠠᠨ ᠪᠦᠬᠦ ᠠᠷᠠᠳ ᠢ᠋ ᠠᠢᠮᠠᠭ ᠠᠢᠮᠠᠭ ᠢ᠋ᠶ᠋ᠠᠷ ᠨᠢ ᠪᠣᠯᠭ᠎ᠠ᠃ ᠪᠤᠰᠤ ᠠᠢᠮᠠᠭ ᠤ᠋ᠨ ᠬᠥᠮᠦᠨ ᠢ᠋ ᠥᠪᠡᠷ ᠦ᠋ᠨ ᠠᠢᠮᠠᠭ ᠲᠤ᠌ ᠪᠦᠦ ᠦᠯᠡᠳᠡᠭᠡᠭᠲᠦᠨ》 ᠭᠡᠵᠦ ᠵᠠᠷᠯᠢᠭ ᠪᠣᠯᠪᠠ᠃ ᠲᠡᠭᠡᠭᠡᠳ ᠪᠦᠬᠦ ᠠᠷᠠᠳ ᠢ᠋ ᠠᠢᠮᠠᠭ ᠠᠢᠮᠠᠭ ᠢ᠋ᠶ᠋ᠠᠷ ᠢᠯᠭᠠᠪᠠᠯ ᠨᠢᠭᠡᠨ ᠵᠠᠯᠠᠭᠤ ᠰᠠᠢᠨ ᠡᠷ᠎ᠡ ᠠᠢᠮᠠᠭ ᠦᠭᠡᠢ ᠦᠯᠡᠳᠡᠵᠡᠢ᠃ 《ᠴᠢ ᠶᠠᠭᠤᠨ ᠬᠥᠮᠦᠨ ᠪᠣᠢ?》 ᠭᠡᠵᠦ ᠠᠰᠠᠭᠤᠪᠠᠯ᠂ ᠲᠡᠷᠡ ᠬᠥᠮᠦᠨ ᠥᠭᠦᠯᠡᠷᠦᠨ᠄ 《ᠲᠠᠲ᠋ᠠᠷ ᠤ᠋ᠨ ᠶᠡᠬᠡ ᠴᠠᠷᠠᠩ ᠤ᠋ᠨ ᠥᠬᠢᠨ ᠶᠢᠰᠣᠢ ᠶ᠋ᠢ ᠠᠪᠤᠭᠰᠠᠨ ᠬᠦᠷᠭᠡᠨ ᠪᠢᠯᠡ᠃ ᠳᠠᠢᠰᠤᠨ ᠳ᠋ᠤ᠌ ᠲᠠᠯᠠᠭᠳᠠᠬᠤ ᠳ᠋ᠤ᠌ ᠠᠶᠤᠵᠤ ᠳᠤᠲᠠᠭᠠᠨ ᠶᠠᠪᠤᠭᠰᠠᠨ ᠪᠥᠯᠥᠭᠡ᠃ ᠣᠳᠣ ᠲᠡᠢᠨ ᠠᠮᠤᠷᠯᠢᠪᠠ ᠭᠡᠵᠦ ᠰᠡᠳᠬᠢᠵᠦ ᠢᠷᠡᠭᠡᠳ ᠣᠯᠠᠨ ᠠᠷᠠᠳ ᠤ᠋ᠨ ᠳᠣᠲᠣᠷ᠎ᠠ ᠲᠠᠨᠢᠭᠳᠠᠬᠤ ᠦᠭᠡᠢ ᠪᠢᠵᠡ ᠭᠡᠵᠦ ᠰᠠᠨᠠᠵᠤ ᠶᠠᠪᠤᠯ᠎ᠠ》 ᠭᠡᠪᠡ᠃ ᠡᠨᠡ ᠦᠭᠡ ᠶ᠋ᠢ ᠴᠢᠩᠭᠢᠰ ᠬᠠᠭᠠᠨ ᠳ᠋ᠤ᠌ ᠮᠡᠳᠡᠭᠦᠯᠪᠡᠯ᠂ ᠬᠠᠭᠠᠨ ᠵᠠᠷᠯᠢᠭ ᠪᠣᠯᠤᠷᠤᠨ᠄ 《ᠲᠡᠷᠡ ᠬᠥᠮᠦᠨ ᠬᠣᠣᠷᠠᠲᠤ ᠰᠡᠳᠬᠢᠯ ᠡᠪᠦᠷᠯᠡᠵᠦ ᠭᠠᠭᠴᠠᠭᠠᠷ ᠲᠡᠨᠦᠭᠰᠡᠭᠡᠷ ᠣᠳᠣ ᠡᠨᠳᠡ ᠢᠷᠡᠭᠰᠡᠨ ᠠᠵᠢ᠃ ᠲᠡᠷᠡ ᠮᠡᠲᠦ ᠡᠲᠡᠭᠡᠳ ᠢ᠋ ᠬᠡᠳᠦᠢᠨᠡᠢ ᠲᠡᠩᠭᠡᠯᠢᠭ ᠲᠦ᠍ ᠴᠢᠴᠣᠣᠯᠠᠵᠣ ᠬᠢᠳᠤᠭᠰᠠᠨ ᠪᠢᠰᠢ ᠤᠤ᠃ ᠶᠠᠭᠤᠨ ᠠ᠋ᠴᠠ ᠪᠤᠴᠠᠨ᠎ᠠ᠂ ᠨᠢᠳᠦᠨ ᠡᠴᠡ ᠳᠠᠯᠳᠠ ᠪᠣᠯᠭ᠎ᠠ》 ᠭᠡᠰᠡᠨ ᠳ᠋ᠦ᠍ ᠲᠡᠭᠦᠨ ᠢ᠋ ᠳᠠᠷᠤᠢ ᠠᠯᠠᠪᠠ᠃
157᠂ ᠮᠥᠨ ᠨᠣᠬᠠᠢ ᠵᠢᠯ (1202 ᠣᠨ) ᠴᠢᠩᠭᠢᠰ ᠬᠠᠭᠠᠨ ᠢ᠋ ᠲᠠᠲ᠋ᠠᠷ ᠲᠠᠢ ᠪᠠᠢᠯᠳᠤᠵᠤ ᠪᠣᠢ ᠴᠠᠭ ᠲᠤ᠌ ᠸᠠᠩ ᠬᠠᠨ᠂ ᠮᠡᠷᠭᠢᠳ ᠢ᠋ ᠳᠣᠪᠲᠣᠯᠬᠤ ᠪᠠᠷ ᠮᠣᠷᠳᠠᠵᠤ᠂ ᠲᠣᠭᠳᠣᠬ᠎ᠠ ᠪᠡᠬᠢ ᠶ᠋ᠢ ᠪᠠᠷᠭᠤᠵᠢᠨ ᠳᠥᠭᠥᠮ ᠦ᠋ᠨ ᠵᠦᠭ ᠦᠯᠳᠡᠨ ᠬᠥᠭᠡᠭᠡᠵᠦ᠂ ᠲᠣᠭᠳᠣᠬ᠎ᠠ ᠶ᠋ᠢᠨ ᠶᠡᠬᠡ ᠬᠥᠪᠡᠭᠦᠨ ᠲᠡᠭᠦᠰ ᠪᠡᠬᠢ ᠶ᠋ᠢ ᠠᠯᠠᠵᠤ᠂ ᠲᠣᠭᠳᠣᠬ᠎ᠠ ᠶ᠋ᠢᠨ ᠬᠤᠲᠤᠭᠲᠠᠢ ᠴᠠᠭᠠᠷᠣᠨ ᠬᠣᠶᠠᠷ ᠥᠬᠢᠨ ᠢ᠋ ᠪᠠ ᠬᠠᠲᠤᠳ ᠢ᠋ ᠣᠯᠵᠠᠯᠠᠨ ᠠᠪᠴᠤ᠂ ᠬᠣᠲᠣ ᠴᠢᠯᠠᠭᠤᠨ ᠬᠣᠶᠠᠷ ᠬᠥᠪᠡᠭᠦᠨ ᠢ᠋ ᠨᠢ ᠬᠠᠷᠢᠶᠠᠲᠤ ᠢᠷᠭᠡᠳ ᠦ᠋ᠨ ᠬᠠᠮᠲᠤ ᠡᠵᠡᠯᠡᠨ ᠠᠪᠤᠭᠰᠠᠨ ᠪᠣᠯᠪᠠᠴᠤ᠂ ᠡᠨᠡ ᠣᠯᠵᠠᠨ ᠠ᠋ᠴᠠ ᠴᠢᠩᠭᠢᠰ ᠬᠠᠭᠠᠨ ᠳ᠋ᠤ᠌ ᠶᠠᠭᠤᠨ ᠢ᠋ ᠴᠦ᠍ ᠡᠰᠡ ᠥᠭᠪᠡ᠃
158᠂ ᠲᠡᠭᠦᠨ ᠦ᠌ ᠬᠣᠢᠨ᠎ᠠ᠂ ᠴᠢᠩᠭᠢᠰ ᠬᠠᠭᠠᠨ᠂ ᠸᠠᠩ ᠬᠠᠨ ᠬᠣᠶᠠᠷ ᠨᠢᠮᠡᠨ ᠦ᠌ ᠬᠦᠴᠥᠭᠦᠳ ᠦ᠋ᠨ ᠪᠣᠢᠷᠤᠭ ᠬᠠᠨ ᠲᠠᠢ ᠪᠠᠢᠯᠳᠤᠬᠤ ᠪᠠᠷ ᠮᠣᠷᠢᠯᠠᠵᠤ᠂ ᠣᠯᠤᠭ ᠲᠠᠭ ᠤ᠋ᠨ ᠰᠤᠬᠤᠭ ᠤᠰᠤ ᠭᠡᠳᠡᠭ ᠭᠠᠵᠠᠷ ᠬᠦᠷᠪᠡᠯ ᠪᠣᠢᠷᠤᠭ ᠬᠠᠨ ᠪᠠᠢᠯᠳᠤᠨ ᠶᠠᠳᠠᠵᠤ᠂ ᠠᠯᠲᠠᠢ ᠳᠠᠪᠠᠨ ᠬᠥᠳᠡᠯᠪᠡ᠃ ᠴᠢᠩᠭᠢᠰ ᠬᠠᠭᠠᠨ ᠸᠠᠩ ᠬᠠᠨ ᠬᠣᠶᠠᠷ ᠰᠤᠬᠤᠭ ᠤᠰᠤᠨ ᠠ᠋ᠴᠠ ᠪᠣᠢᠷᠤᠭ ᠬᠠᠨ ᠢ᠋ ᠨᠡᠬᠡᠵᠦ ᠠᠯᠲᠠᠢ ᠳᠠᠪᠠᠭᠤᠯᠤᠨ ᠬᠣᠮᠰᠢᠩᠬᠡᠷ ᠦ᠋ᠨ ᠦᠷᠣᠩᠬᠥᠤ ᠭᠣᠣᠯ ᠤᠷᠤᠭᠤ ᠬᠥᠭᠡᠭᠡᠵᠦ ᠶᠠᠪᠤᠪᠠ᠃ ᠭᠡᠲᠡᠯ᠎ᠡ᠂ ᠲᠡᠳᠡᠨ ᠦ᠌ ᠶᠠᠳᠢ ᠲᠣᠪᠯᠣᠭ ᠨᠡᠷᠡᠲᠦ ᠨᠣᠶᠠᠨ᠂ ᠬᠠᠷᠠᠭᠤᠯᠴᠢ ᠬᠠᠷᠠᠵᠤ ᠶᠠᠪᠤᠭᠠᠳ ᠪᠢᠳᠡᠨ ᠦ᠌ ᠬᠠᠷᠠᠭᠤᠯ ᠤ᠋ᠨ ᠴᠡᠷᠢᠭ ᠲᠦ᠍ ᠬᠥᠭᠡᠭᠡᠭᠳᠡᠵᠦ ᠠᠭᠤᠯᠠ ᠥᠭᠡᠳᠡ ᠳᠤᠲᠠᠭᠠᠬᠤ ᠳ᠋ᠤ᠌ ᠣᠯᠣᠩ ᠨᠢ ᠲᠠᠰᠤᠷᠠᠵᠤ ᠪᠠᠷᠢᠭᠳᠠᠪᠠ᠃ ᠪᠣᠢᠷᠤᠭ ᠬᠠᠨ ᠢ᠋ ᠦᠷᠣᠩᠬᠥᠤ ᠭᠣᠣᠯ ᠤᠷᠤᠭᠤ ᠬᠥᠭᠡᠭᠡᠨ ᠣᠷᠣᠭᠤᠯᠵᠤ᠂ ᠬᠢᠰᠢᠯᠪᠠᠰᠢ ᠨᠠᠭᠤᠷ ᠲᠤ᠌ ᠭᠦᠢᠴᠡᠵᠦ ᠲᠡᠭᠦᠨ ᠢ᠋ ᠲᠡᠨᠳᠡ ᠰᠥᠨᠥᠭᠡᠪᠡ᠃
159᠂ ᠲᠡᠨᠳᠡ ᠡᠴᠡ ᠴᠢᠩᠭᠢᠰ ᠬᠠᠭᠠᠨ ᠸᠠᠩ ᠬᠠᠨ ᠬᠣᠶᠠᠷ ᠪᠤᠴᠠᠵᠤ ᠢᠷᠡᠬᠦ ᠳ᠋ᠦ᠍ ᠨᠢᠮᠡᠨ ᠦ᠌ ᠬᠥᠭᠰᠡᠭᠦᠦ ᠰᠠᠪᠷᠠᠭ ᠪᠠᠭᠠᠲᠤᠷ᠂ ᠪᠠᠢᠳᠠᠷᠠᠭ ᠭᠣᠣᠯ ᠤ᠋ᠨ ᠪᠠᠯᠴᠢᠷ ᠲᠤ᠌ ᠴᠡᠷᠢᠭ ᠵᠠᠰᠠᠵᠤ ᠪᠠᠢᠯᠳᠤᠬᠤ ᠪᠠᠷ ᠲᠣᠰᠴᠤ ᠪᠠᠢᠭᠰᠠᠨ ᠠᠵᠠᠢ᠃ ᠴᠢᠩᠭᠢᠰ ᠬᠠᠭᠠᠨ ᠸᠠᠩ ᠬᠠᠨ ᠬᠣᠶᠠᠷ ᠮᠥᠨ ᠪᠠᠢᠯᠳᠤᠬᠤ ᠪᠠᠷ ᠴᠡᠷᠢᠭ ᠢ᠋ᠶ᠋ᠡᠨ ᠵᠠᠰᠠᠵᠤ ᠢᠷᠡᠲᠡᠯ᠎ᠡ᠂ ᠨᠢᠭᠡᠨᠲᠡ ᠦᠳᠡᠰᠢ ᠪᠣᠯᠤᠭᠰᠠᠨ ᠲᠤᠯᠠ ᠮᠠᠷᠭᠠᠰᠢ ᠪᠠᠢᠯᠳᠤᠶ᠎ᠠ ᠭᠡᠵᠦ ᠵᠠᠰᠠᠯᠭᠠᠵᠣ ᠬᠣᠨᠣᠪᠠ᠃ ᠭᠡᠲᠡᠯ᠎ᠡ᠂ ᠰᠥᠨᠢ ᠶ᠋ᠢᠨ ᠴᠠᠭ ᠸᠠᠩ ᠬᠠᠨ᠂ ᠪᠠᠭᠤᠭᠰᠠᠨ ᠭᠠᠵᠠᠷ ᠲᠠᠭᠠᠨ ᠭᠠᠯ ᠲᠦᠯᠡᠵᠦ ᠣᠷᠬᠢᠭᠠᠳ᠂ ᠬᠠᠷ᠎ᠠ ᠰᠡᠭᠦᠯ ᠭᠣᠣᠯ ᠢ᠋ ᠥᠭᠰᠥᠨ ᠬᠥᠳᠡᠯᠵᠡᠢ᠃
160᠂ ᠲᠡᠷᠡ ᠰᠥᠨᠢ ᠵᠠᠮᠤᠬ᠎ᠠ᠂ ᠸᠠᠩ ᠬᠠᠨ ᠲᠠᠢ ᠬᠠᠮᠲᠤ ᠬᠥᠳᠡᠯᠵᠦ ᠶᠠᠪᠤᠭᠠᠳ ᠸᠠᠩ ᠬᠠᠨ ᠳ᠋ᠤ᠌ ᠥᠭᠦᠯᠡᠷᠦᠨ᠄ 《ᠲᠡᠮᠦᠵᠢᠨ ᠠᠨᠳᠠ ᠬᠡᠳᠦᠢᠨ ᠡᠴᠡ ᠨᠢᠮᠡᠨ ᠲᠡᠢ ᠬᠠᠷᠢᠯᠴᠠᠭᠠᠲᠠᠢ ᠪᠠᠢᠭᠰᠠᠨ ᠪᠢᠯᠡ᠂ ᠣᠳᠣ ᠪᠢᠳᠡᠨ ᠲᠡᠢ ᠬᠠᠮᠲᠤ ᠡᠰᠡ ᠬᠥᠳᠡᠯᠪᠡ᠃ ᠬᠠᠨ! ᠬᠠᠨ! ᠪᠢ ᠪᠣᠯ ᠬᠠᠮᠢᠶ᠎ᠠ ᠦᠭᠡᠢ ᠬᠣᠯᠠ ᠨᠢᠰᠬᠦ ᠦᠭᠡᠢ ᠬᠠᠢᠷᠭᠤᠨ᠎ᠠ ᠰᠢᠪᠠᠭᠤ ᠮᠡᠲᠦ ᠬᠠᠮᠲᠤ ᠨᠢᠭᠡ ᠭᠠᠵᠠᠷ ᠪᠠᠢᠨ᠎ᠠ᠂ ᠬᠠᠷᠢᠨ ᠮᠢᠨᠦ ᠠᠨᠳᠠ ᠲᠡᠮᠦᠵᠢᠨ ᠪᠣᠯ ᠬᠠᠷᠢᠵᠤ ᠨᠢᠰᠦᠭᠰᠡᠨ ᠰᠢᠪᠠᠭᠤ ᠮᠡᠲᠦ ᠬᠠᠰᠢ ᠶᠠᠰᠢ ᠤᠷᠪᠠᠨ ᠣᠳᠤᠨ᠎ᠠ᠂ ᠬᠠᠨ ᠴᠢᠮ᠎ᠠ ᠠ᠋ᠴᠠ ᠣᠳᠣ ᠰᠠᠯᠵᠤ ᠬᠠᠷᠢ ᠨᠢᠮᠡᠨ ᠳ᠋ᠦ᠍ ᠣᠴᠢᠬᠤ ᠭᠡᠵᠦ ᠬᠠᠷᠠᠭᠰᠠᠭᠠᠷ ᠵᠣᠷᠢᠭᠤᠳᠠ ᠬᠣᠴᠣᠷᠪᠠ᠃》 ᠭᠡᠪᠡᠯ᠂ ᠵᠠᠮᠤᠬ᠎ᠠ ᠶ᠋ᠢᠨ ᠦᠭᠡ ᠶ᠋ᠢ ᠰᠣᠨᠣᠰᠴᠤ ᠣᠪᠴᠢᠭᠲᠠᠢ ᠶ᠋ᠢᠨ ᠬᠦᠷᠡᠩ ᠪᠠᠭᠠᠲᠤᠷ ᠥᠭᠦᠯᠡᠷᠦᠨ᠄ 《ᠴᠢ ᠶᠠᠭᠤᠨ ᠳᠡᠮᠡᠢ ᠵᠢᠰᠤᠷᠳᠠᠵᠤ᠂ ᠰᠢᠳᠤᠷᠭᠤ ᠠᠬ᠎ᠠ ᠳᠡᠭᠦᠦ ᠪᠡᠨ ᠬᠣᠪᠯᠠᠨ ᠬᠠᠴᠢᠯᠠᠵᠤ ᠪᠠᠢᠨ᠎ᠠ ᠪᠣᠢ?》 ᠭᠡᠪᠡ᠃
161᠂ ᠴᠢᠩᠭᠢᠰ ᠬᠠᠭᠠᠨ᠂ ᠲᠡᠷᠡ ᠰᠥᠨᠢ ᠲᠡᠨᠳᠡ ᠬᠣᠨᠣᠭᠠᠳ ᠮᠠᠷᠭᠠᠰᠢ ᠥᠷᠯᠥᠭᠡ ᠪᠠᠢᠯᠳᠤᠬᠤ ᠭᠡᠵᠦ ᠪᠣᠰᠪᠠᠯ ᠸᠠᠩ ᠬᠠᠨ ᠤ᠋ ᠪᠠᠭᠤᠭᠰᠠᠨ ᠭᠠᠵᠠᠷ ᠬᠣᠪ ᠬᠣᠭᠣᠰᠣᠨ ᠪᠣᠯᠤᠭᠰᠠᠨ ᠲᠤᠯᠠ 《ᠬᠠᠷᠢᠨ ᠴᠢ ᠪᠢᠳᠡᠨ ᠢ᠋ ᠮᠡᠬᠡᠯᠡᠵᠦ ᠪᠠᠭᠤᠴᠠᠨ ᠳ᠋ᠤ᠌ ᠬᠠᠶᠠᠭᠰᠠᠨ ᠪᠠᠢᠨ᠎ᠠ》 ᠭᠡᠳ ᠴᠢᠩᠭᠢᠰ ᠬᠠᠭᠠᠨ ᠬᠥᠳᠡᠯᠵᠦ᠂ ᠡᠳᠡᠷ ᠠᠯᠲᠠᠢ ᠶ᠋ᠢᠨ ᠪᠠᠯᠴᠢᠷ ᠢ᠋ᠶ᠋ᠠᠷ ᠭᠡᠲᠦᠯᠵᠦ ᠰᠠᠭᠠᠳᠣᠯ ᠦᠭᠡᠢ ᠶᠠᠪᠤᠭᠰᠠᠭᠠᠷ ᠰᠠᠭᠠᠷᠢ ᠬᠡᠭᠡᠷ᠎ᠡ ᠳ᠋ᠦ᠍ ᠣᠴᠢᠵᠤ ᠪᠠᠭᠤᠪᠠ᠃ ᠲᠡᠨᠳᠡ ᠡᠴᠡ ᠴᠢᠩᠭᠢᠰ ᠬᠠᠭᠠᠨ ᠬᠠᠰᠠᠷ ᠬᠣᠶᠠᠷ᠂ ᠨᠢᠮᠡᠨ ᠦ᠋ᠳ ᠶᠠᠮᠠᠷ ᠲᠦᠪᠡᠭ ᠤᠴᠠᠷᠠᠭᠤᠯᠤᠭᠰᠠᠨ ᠢ᠋ ᠮᠠᠲᠠᠭᠰᠠᠨ ᠪᠣᠯᠪᠠᠴᠤ᠂ ᠡᠭᠦᠨ ᠢ᠋ ᠨᠢᠭᠡ ᠴᠦ᠍ ᠬᠥᠮᠦᠨ ᠳ᠋ᠦ᠍ ᠬᠡᠯᠡᠭᠰᠡᠨ ᠦᠭᠡᠢ᠃
162᠂ ᠨᠢᠮᠡᠨ ᠦ᠌ ᠬᠥᠬᠰᠠᠬᠥᠤ ᠰᠠᠪᠷᠠᠭ ᠪᠠᠭᠠᠲᠤᠷ ᠸᠠᠩ ᠬᠠᠨ ᠤ᠋ ᠬᠣᠢᠨ᠎ᠠ ᠠ᠋ᠴᠠ ᠨᠡᠬᠡᠵᠦ᠂ ᠰᠡᠩᠭᠦᠮ ᠦ᠋ᠨ ᠡᠮ᠎ᠡ ᠬᠥᠪᠡᠭᠦᠳ ᠪᠠ ᠡᠳ᠋ ᠬᠥᠷᠥᠩᠭᠡ᠂ ᠠᠯᠪᠠᠲᠤ ᠠᠷᠠᠳ ᠢ᠋ ᠴᠥᠮ ᠪᠤᠯᠢᠶᠠᠨ ᠠᠪᠴᠤ᠂ ᠪᠠᠰᠠ ᠸᠠᠩ ᠬᠠᠨ ᠢ᠋ ᠲᠡᠯᠠᠬᠡᠲᠦ ᠠᠮᠠᠰᠠᠷ ᠭᠡᠳᠡᠭ ᠭᠠᠵᠠᠷ ᠪᠠᠢᠬᠤ ᠳ᠋ᠤ᠌ ᠨᠡᠬᠡᠨ ᠪᠠᠢᠯᠳᠤᠵᠤ᠂ ᠵᠠᠷᠢᠮ ᠠᠯᠪᠠᠲᠤ ᠢᠷᠭᠡᠨ ᠪᠠ ᠠᠳᠤᠭᠤ ᠮᠠᠯ ᠢ᠋ ᠪᠤᠯᠢᠶᠠᠨ ᠠᠪᠤᠭᠠᠳ ᠪᠤᠴᠠᠵᠠᠢ᠃ ᠸᠠᠩ ᠬᠠᠨ ᠢ᠋ ᠳᠠᠭᠠᠵᠤ ᠶᠠᠪᠤᠭᠰᠠᠨ ᠮᠡᠷᠭᠢᠳ ᠦ᠋ᠨ ᠲᠣᠭᠳᠣᠬ᠎ᠠ ᠶ᠋ᠢᠨ ᠬᠣᠲᠣ ᠴᠢᠯᠠᠭᠤᠨ ᠬᠣᠶᠠᠷ ᠬᠥᠪᠡᠭᠦᠨ ᠲᠡᠷᠡ ᠵᠠᠪᠰᠢᠶᠠᠨ ᠢ᠋ ᠲᠣᠬᠢᠶᠠᠯᠳᠤᠭᠤᠯᠵᠤ᠂ ᠠᠯᠪᠠᠲᠤ ᠢᠷᠭᠡᠨ ᠢ᠋ᠶ᠋ᠡᠨ ᠠᠪᠴᠤ ᠰᠡᠯᠡᠩᠭᠡ ᠶ᠋ᠢ ᠴᠢᠬᠯᠠᠨ ᠬᠥᠳᠡᠯᠦᠭᠡᠳ ᠡᠴᠢᠭᠡ ᠳ᠋ᠡᠭᠡᠨ ᠨᠡᠢᠯᠡᠨ ᠣᠴᠢᠪᠠ᠃
163᠂ ᠸᠠᠩ ᠬᠠᠨ᠂ ᠨᠢᠮᠡᠨ ᠦ᠌ ᠬᠥᠬᠰᠠᠬᠥᠤ ᠰᠠᠪᠷᠠᠭ ᠪᠠᠭᠠᠲᠤᠷ ᠲᠤ᠌ ᠳᠡᠢᠯᠦᠭᠳᠡᠭᠡᠳ ᠴᠢᠩᠭᠢᠰ ᠬᠠᠭᠠᠨ ᠳ᠋ᠤ᠌ ᠡᠯᠴᠢ ᠶᠠᠪᠤᠭᠤᠯᠵᠤ ᠬᠡᠯᠡᠭᠦᠯᠦᠭᠰᠡᠨ ᠨᠢ᠄ 《ᠨᠢᠮᠡᠨ ᠳ᠋ᠦ᠍ ᠡᠳ᠋ ᠬᠥᠷᠥᠩᠭᠡ ᠪᠠ ᠡᠮ᠎ᠡ ᠬᠥᠪᠡᠭᠦᠳ ᠢ᠋ᠶ᠋ᠡᠨ ᠪᠤᠯᠢᠶᠠᠭᠳᠠᠪᠠ ᠪᠢ᠂ ᠬᠥᠪᠡᠭᠦᠨ ᠴᠢᠮ᠎ᠠ ᠠ᠋ᠴᠠ ᠳᠥᠷᠪᠡᠨ ᠬᠦᠯᠦᠭ ᠪᠠᠭᠠᠲᠤᠷ ᠢ᠋ᠶ᠋ᠠᠨ ᠢᠷᠡᠭᠦᠯᠬᠦ ᠶ᠋ᠢ ᠭᠤᠶᠤᠶ᠎ᠠ᠂ ᠮᠢᠨᠦ ᠠᠯᠪᠠᠲᠤ ᠢᠷᠭᠡᠨ ᠪᠠ ᠡᠳ᠋ ᠬᠥᠷᠥᠩᠭᠡ ᠶ᠋ᠢ ᠠᠪᠴᠢᠷᠠᠵᠤ ᠥᠭᠭᠦᠨ᠎ᠡ ᠤᠤ》 ᠭᠡᠵᠡᠢ᠃ ᠴᠢᠩᠭᠢᠰ ᠬᠠᠭᠠᠨ ᠴᠡᠷᠢᠭ ᠵᠠᠰᠠᠵᠤ᠂ ᠪᠣᠭᠣᠷᠴᠤ᠂ ᠮᠤᠬᠤᠯᠠᠢ᠂ ᠪᠣᠷᠣᠬᠤᠯ ᠂ ᠴᠢᠯᠠᠭᠤᠨ ᠳᠥᠷᠪᠡᠨ ᠬᠦᠯᠦᠭ ᠪᠠᠭᠠᠲᠤᠷ ᠢ᠋ᠶ᠋ᠠᠨ ᠴᠡᠷᠢᠭ ᠦ᠋ᠨ ᠬᠠᠮᠲᠤ ᠢᠯᠡᠭᠡᠪᠡ᠃ ᠡᠨᠡ ᠳᠥᠷᠪᠡᠨ ᠬᠦᠯᠦᠭ ᠪᠠᠭᠠᠲᠤᠷ ᠤ᠋ᠨ ᠢᠷᠡᠬᠦ ᠶ᠋ᠢᠨ ᠤᠷᠢᠳᠤ ᠤᠯᠠᠭᠠᠨ ᠬᠤᠰᠤ ᠭᠡᠳᠡᠭ ᠭᠠᠵᠠᠷ ᠰᠡᠩᠭᠦᠮ ᠪᠠᠢᠯᠳᠤᠭᠠᠨ ᠬᠢᠵᠦ ᠪᠠᠢᠭᠠᠳ ᠮᠣᠷᠢᠨ ᠤ᠋ ᠪᠠᠨ ᠭᠤᠶ᠎ᠠ ᠶ᠋ᠢ ᠰᠢᠷᠬᠠᠲᠤᠭᠤᠯᠵᠤ ᠪᠠᠷᠢᠭᠳᠠᠬᠤ ᠳ᠋ᠤ᠌ ᠬᠦᠷᠴᠦ ᠪᠠᠢᠲᠠᠯ᠎ᠠ᠂ ᠴᠢᠩᠭᠢᠰ ᠦ᠋ᠨ ᠳᠥᠷᠪᠡᠨ ᠬᠦᠯᠦᠭ ᠣᠴᠢᠵᠤ ᠲᠡᠭᠦᠨ ᠢ᠋ ᠠᠪᠤᠷᠠᠭᠠᠳ ᠠᠯᠪᠠᠲᠤ ᠬᠥᠷᠥᠩᠭᠡ ᠪᠠ ᠡᠮ᠎ᠡ ᠬᠥᠪᠡᠭᠦᠳ ᠪᠦᠭᠦᠳᠡ ᠶ᠋ᠢ ᠠᠪᠤᠷᠠᠵᠤ ᠥᠭᠪᠡ᠃ ᠲᠡᠷᠡ ᠴᠠᠭ ᠲᠤ᠌ ᠸᠠᠩ ᠬᠠᠨ ᠥᠭᠦᠯᠡᠷᠦᠨ᠄ 《ᠤᠷᠢᠳᠤ ᠲᠡᠮᠦᠵᠢᠨ ᠦ᠌ ᠰᠠᠢᠨ ᠡᠴᠢᠭᠡ ᠶᠢᠰᠦᠭᠡᠢ ᠪᠠᠭᠠᠲᠤᠷ ᠮᠢᠨᠦ ᠪᠤᠲᠠᠷᠠᠭᠰᠠᠨ ᠤᠯᠤᠰ ᠢ᠋ ᠠᠪᠤᠷᠠᠵᠤ ᠴᠤᠭᠯᠠᠭᠤᠯᠵᠤ ᠥᠭᠭᠦᠭᠰᠡᠨ ᠪᠢᠯᠡ᠃ ᠣᠳᠣ ᠬᠥᠪᠡᠭᠦᠨ ᠲᠡᠮᠦᠵᠢᠨ ᠪᠠᠰᠠ ᠳᠥᠷᠪᠡᠨ ᠬᠦᠯᠦᠭ ᠪᠠᠭᠠᠲᠤᠷ ᠢ᠋ᠶ᠋ᠠᠨ ᠶᠠᠪᠤᠭᠤᠯᠵᠤ᠂ ᠮᠢᠨᠦ ᠠᠯᠳᠠᠭᠳᠠᠭᠰᠠᠨ ᠤᠯᠤᠰ ᠢ᠋ ᠠᠪᠴᠢᠷᠠᠵᠤ ᠣᠯᠵᠤ ᠥᠭᠪᠡ᠃ ᠠᠴᠢ ᠬᠠᠷᠢᠭᠤᠯᠬᠤ ᠶ᠋ᠢ ᠲᠩᠷᠢ ᠭᠠᠵᠠᠷ ᠤ᠋ᠨ ᠢᠪᠡᠭᠡᠯ ᠮᠡᠳᠡᠲᠦᠭᠡᠢ》 ᠭᠡᠪᠡ᠃
164᠂ ᠪᠠᠰᠠ ᠸᠠᠩ ᠬᠠᠨ ᠥᠭᠦᠯᠡᠷᠦᠨ᠄《ᠠᠨᠳᠠ ᠶᠢᠰᠦᠭᠡᠢ ᠪᠠᠭᠠᠲᠤᠷ ᠮᠢᠨᠢ ᠠᠯᠳᠠᠭᠳᠠᠨ ᠪᠠᠷᠠᠭᠰᠠᠨ ᠤᠯᠤᠰ ᠢ᠋ ᠮᠢᠨᠢ ᠠᠪᠤᠷᠠᠵᠤ ᠴᠤᠭᠯᠠᠭᠤᠯᠵᠤ ᠥᠭᠭᠦᠭᠰᠡᠨ ᠪᠢᠯᠡ᠂ ᠲᠡᠭᠦᠨ ᠦ᠌ ᠤᠤᠭᠠᠨ ᠬᠥᠪᠡᠭᠦᠨ ᠲᠡᠮᠦᠵᠢᠨ ᠴᠢᠩᠭᠢᠰ ᠬᠠᠭᠠᠨ ᠲᠡᠨᠦᠵᠦ ᠪᠤᠲᠠᠷᠠᠭᠰᠠᠨ ᠤᠯᠤᠰ ᠢ᠋ ᠮᠢᠨᠢ ᠲᠡᠳᠬᠦᠵᠦ ᠬᠤᠷᠢᠶᠠᠵᠤ ᠥᠭᠪᠡ᠃ ᠡᠨᠡ ᠡᠴᠢᠭᠡ ᠬᠥᠪᠡᠭᠦᠨ ᠬᠣᠶᠠᠷ ᠡᠯ᠎ᠡ ᠤᠯᠤᠰ ᠢ᠋ ᠮᠢᠨᠢ ᠲᠡᠳᠬᠦᠵᠦ ᠬᠡᠨ ᠦ᠌ ᠲᠥᠯᠥᠭᠡ ᠵᠢᠳᠬᠦᠵᠦ ᠶᠠᠭᠤᠨ ᠤ᠋ ᠲᠥᠯᠥᠭᠡ ᠵᠣᠪᠠᠵᠤ ᠪᠠᠢᠭ᠎ᠠ ᠪᠢᠯᠡ? ᠥᠲᠡᠯᠦᠭᠰᠡᠨ ᠡᠪᠦᠭᠡᠨ ᠪᠢ ᠥᠨᠳᠥᠷ ᠠᠭᠤᠯᠠ ᠶ᠋ᠢ ᠲᠦᠰᠢᠵᠦ ᠡᠪᠡᠰᠦ ᠬᠠᠭᠳᠠ ᠶ᠋ᠢ ᠳᠡᠷᠡᠯᠡᠵᠦ ᠥᠭᠡᠳᠡ ᠪᠣᠯᠵᠤ ᠣᠲᠣᠪᠠᠯ ᠥᠨᠢᠷ ᠣᠯᠠᠨ ᠤᠯᠤᠰ ᠢ᠋ ᠮᠢᠨᠢ ᠥᠪᠯᠡᠨ ᠬᠡᠨ ᠡᠵᠡᠯᠡᠬᠦ ᠪᠣᠢ? ᠬᠠᠨ ᠲᠣᠭᠣᠷᠢᠯ ᠪᠢ ᠬᠠᠨᠠᠲᠤ ᠭᠡᠷ ᠡᠴᠡ ᠰᠠᠯᠵᠤ ᠬᠠᠳᠠᠲᠤ ᠭᠡᠷ ᠲᠦ᠍ ᠣᠴᠢᠪᠠᠯ ᠬᠠᠮᠤᠭ ᠬᠤᠷᠢᠶᠠᠭᠰᠠᠨ ᠤᠯᠤᠰ ᠢ᠋ ᠮᠢᠨᠢ ᠬᠠᠷᠠᠵᠤ ᠬᠠᠮᠠᠭᠠᠯᠠᠵᠤ ᠪᠠᠢᠬᠤ ᠬᠥᠮᠦᠨ ᠬᠠᠮᠢᠭ᠎ᠠ ᠬᠡᠨ ᠪᠠᠢᠬᠤ ᠪᠢᠯᠡ? ᠡᠵᠡᠨ ᠲᠣᠭᠣᠷᠢᠯ ᠪᠢ ᠢᠰᠡᠭᠡᠢ ᠭᠡᠷ ᠡᠴᠡ ᠬᠣᠯᠠᠳᠴᠤ ᠡᠩᠭᠡᠷ ᠭᠡᠷ ᠲᠦ᠍ ᠣᠴᠢᠪᠠᠯ ᠡᠩᠬᠦᠷᠡᠢᠯᠡᠵᠦ ᠬᠤᠷᠢᠶᠠᠭᠰᠠᠨ ᠤᠯᠤᠰ ᠢ᠋ ᠮᠢᠨᠢ ᠡᠵᠡᠯᠡᠵᠦ ᠬᠡᠨ ᠵᠠᠬᠢᠷᠠᠬᠣ ᠪᠢᠯᠡ? ᠲᠥᠷᠥᠭᠰᠡᠨ ᠳᠡᠭᠦᠦ ᠨᠠᠷ ᠪᠠᠢᠪᠠᠴᠤ ᠲᠥᠷᠥ ᠪᠠᠷᠢᠵᠤ ᠴᠢᠳᠠᠬᠤ ᠦᠭᠡᠢ ᠲᠥᠪ ᠰᠠᠢᠨ ᠠᠪᠤᠷᠢ ᠦᠭᠡᠢ ᠲᠦᠪᠡᠭ ᠶᠡᠬᠡᠲᠡᠢ ᠬᠥᠮᠦᠨ ᠪᠣᠢ᠂ ᠭᠠᠭᠴᠠ ᠬᠥᠪᠡᠭᠦᠨ ᠰᠡᠩᠭᠦᠮ ᠪᠠᠢᠪᠠᠴᠤ᠂ ᠲᠡᠭᠦᠨ ᠳ᠋ᠦ᠍ ᠬᠠᠨᠢ ᠪᠣᠯᠬᠤ ᠬᠥᠮᠦᠨ ᠦᠭᠡᠢ ᠲᠤᠯᠠ ᠲᠡᠮᠦᠵᠢᠨ ᠢ᠋ ᠰᠡᠩᠭᠦᠮ ᠦ᠋ᠨ ᠠᠬ᠎ᠠ ᠪᠣᠯᠭᠠᠵᠤ᠂ ᠬᠣᠶᠠᠷ ᠬᠥᠪᠡᠭᠦᠨ ᠲᠡᠢ ᠪᠣᠯᠤᠭᠠᠳ ᠰᠡᠳᠬᠢᠯ ᠠᠮᠤᠷ ᠰᠠᠭᠤᠶ᠎ᠠ》 ᠭᠡᠪᠡ᠃ ᠲᠡᠭᠡᠭᠡᠳ ᠴᠢᠩᠭᠢᠰ ᠬᠠᠭᠠᠨ ᠸᠠᠩ ᠬᠠᠨ ᠬᠣᠶᠠᠷ᠂ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠨᠡᠢᠯᠡᠵᠦ ᠡᠴᠢᠭᠡ ᠬᠥᠪᠡᠭᠦᠨ ᠪᠣᠯᠵᠤ ᠶᠣᠰᠣᠯᠠᠪᠠ᠃ ᠡᠷᠲᠡ ᠡᠳᠦᠷ ᠶᠢᠰᠦᠭᠡᠢ ᠪᠠᠭᠠᠲᠤᠷ ᠲᠠᠢ ᠸᠠᠩ ᠬᠠᠨ ᠠᠨᠳᠠ ᠪᠣᠯᠤᠯᠴᠠᠭᠰᠠᠨ ᠲᠤᠯᠠ ᠸᠠᠩ ᠬᠠᠨ ᠢ᠋ ᠡᠴᠢᠭᠡ ᠮᠡᠲᠦ ᠦᠵᠡᠵᠦ᠂ ᠡᠢᠨᠬᠦ ᠡᠴᠢᠭᠡ ᠬᠥᠪᠡᠭᠦᠨ ᠪᠣᠯᠤᠯᠴᠠᠭᠰᠠᠨ ᠪᠢᠯᠡ᠃ ᠡᠨᠡ ᠲᠤᠬᠠᠢ ᠬᠡᠯᠡᠯᠴᠡᠬᠰᠡᠨ ᠦᠭᠡ ᠨᠢ᠄
《ᠬᠠᠷᠢ ᠳᠠᠢᠰᠤᠨ ᠲᠠᠢ ᠲᠤᠯᠬᠤ ᠳ᠋ᠤ᠌ ᠬᠠᠮᠲᠤ ᠨᠡᠢᠯᠡᠵᠦ ᠪᠠᠢᠯᠳᠤᠶ᠎ᠠ ᠬᠠᠳᠠᠨ ᠤ᠋ ᠭᠥᠷᠥᠭᠡᠰᠦ ᠶ᠋ᠢ ᠠᠪᠠᠯᠠᠬᠤ ᠳ᠋ᠤ᠌ ᠬᠠᠪᠰᠤᠷᠴᠤ ᠨᠡᠢᠯᠡᠵᠦ ᠶᠠᠪᠤᠶ᠎ᠠ》 ᠭᠡᠪᠡ᠃ ᠪᠠᠰᠠ᠂ ᠴᠢᠩᠭᠢᠰ ᠬᠠᠭᠠᠨ᠂ ᠸᠠᠩ ᠬᠠᠨ ᠬᠣᠶᠠᠷ ᠬᠡᠯᠡᠪᠡ᠄
《ᠬᠣᠣᠷᠠᠲᠤ ᠮᠣᠭᠠᠢ ᠶ᠋ᠢᠨ ᠬᠡᠯᠡ ᠬᠣᠭᠣᠷᠣᠨᠳᠣ ᠮᠢᠨᠢ ᠬᠠᠳᠬᠤᠵᠤ ᠬᠣᠪ ᠵᠢᠪ ᠣᠷᠣᠭᠤᠯᠪᠠᠯ ᠬᠣᠯᠠᠳᠴᠤ ᠰᠠᠯᠤᠯ ᠦᠭᠡᠢ᠂ ᠬᠠᠷᠢᠨ ᠬᠣᠶᠠᠷ ᠨᠢᠭᠤᠷ ᠢ᠋ᠶ᠋ᠠᠷ ᠤᠴᠠᠷᠠᠵᠤ ᠬᠣᠣᠷ᠎ᠠ ᠬᠥᠨᠥᠭᠡᠯ ᠢ᠋ ᠲᠠᠰᠤᠯᠠᠵᠤ ᠪᠠᠢᠶ᠎ᠠ᠂ ᠠᠷᠠᠭᠠᠲᠤ ᠮᠣᠭᠠᠢ ᠶ᠋ᠢᠨ ᠰᠢᠲᠦ ᠠᠮᠠᠷᠠᠭ ᠤ᠋ᠨ ᠬᠣᠭᠣᠷᠣᠨᠳᠣ ᠣᠷᠣᠵᠤ ᠡᠶ᠎ᠡ ᠡᠪ ᠢ᠋ ᠡᠪᠳᠡᠪᠡᠯ ᠠᠲᠠᠭᠠᠲᠠᠨ ᠰᠡᠳᠬᠢᠯ ᠲᠥᠷᠥᠯ ᠦᠭᠡᠢ ᠠᠮᠠ ᠬᠡᠯᠡ ᠪᠡᠷ ᠢ᠋ᠶ᠋ᠡᠨ ᠠᠭᠤᠯᠵᠠᠨ ᠶᠠᠷᠢᠵᠤ ᠠᠯᠢᠪᠠ ᠤᠴᠢᠷ ᠢ᠋ ᠣᠯᠵᠤ ᠪᠠᠢᠶ᠎ᠠ》 ᠭᠡᠵᠦ ᠪᠠᠲᠤ ᠦᠭᠡ ᠪᠡᠷ ᠪᠠᠷᠢᠯᠳᠤᠵᠤ᠂ ᠠᠮᠠᠷᠠᠭᠯᠠᠨ ᠶᠠᠪᠤᠪᠠ᠃
165᠂ ᠲᠡᠭᠦᠨ ᠦ᠌ ᠬᠣᠢᠨ᠎ᠠ᠂ ᠠᠮᠠᠷᠠᠭ ᠳᠡᠭᠡᠷ᠎ᠡ ᠳᠠᠪᠬᠤᠷ ᠠᠮᠠᠷᠠᠭ ᠪᠣᠯᠤᠶ᠎ᠠ ᠭᠡᠵᠦ ᠴᠢᠩᠭᠢᠰ ᠬᠠᠭᠠᠨ ᠰᠡᠳᠬᠢᠵᠦ᠂ ᠵᠥᠴᠢ ᠳ᠋ᠦ᠍ ᠰᠡᠩᠭᠦᠮ ᠦ᠋ᠨ ᠳᠡᠭᠦᠦ ᠴᠠᠭᠤᠷ ᠪᠡᠬᠢ ᠶ᠋ᠢ ᠭᠤᠶᠤᠵᠤ᠂ ᠪᠠᠰᠠ ᠰᠡᠩᠭᠦᠮ ᠦ᠋ᠨ ᠬᠥᠪᠡᠭᠦᠨ ᠲᠣᠰᠠᠬ᠎ᠠ ᠳ᠋ᠤ᠌ ᠥᠪᠡᠷ ᠦ᠋ᠨ ᠬᠣᠵᠢᠨ ᠪᠡᠬᠢ ᠶ᠋ᠢ ᠠᠷᠠᠯᠵᠢᠨ ᠥᠭᠭᠦᠶ᠎ᠡ ᠭᠡᠵᠦ ᠭᠤᠶᠤᠪᠠᠯ᠂ ᠰᠡᠩᠭᠦᠮ ᠪᠡᠶ᠎ᠡ ᠪᠡᠨ ᠶᠡᠬᠡᠮᠰᠦᠭᠯᠡᠨ ᠰᠡᠳᠬᠢᠵᠦ ᠥᠭᠦᠯᠡᠷᠦᠨ᠄
《ᠮᠢᠨᠦ ᠤᠷᠤᠭ ᠲᠡᠳᠡᠨ ᠦ᠌ ᠳ᠋ᠦ᠍ ᠣᠴᠢᠪᠠᠯ᠂ ᠢᠮᠠᠭᠲᠠ ᠬᠠᠲᠠᠪᠴᠢᠨ ᠳ᠋ᠤ᠌ ᠬᠣᠢᠮᠣᠷ ᠬᠠᠷᠠᠵᠤ ᠰᠠᠭᠤᠬᠤ ᠪᠣᠯᠤᠨ᠎ᠠ᠃ ᠲᠡᠳᠡᠨ ᠦ᠌ ᠤᠷᠤᠭ ᠪᠢᠳᠡᠨ ᠳ᠋ᠦ᠍ ᠢᠷᠡᠪᠡᠯ᠂ ᠬᠣᠢᠮᠣᠷ ᠰᠠᠭᠤᠵᠤ ᠬᠠᠲᠠᠪᠴᠢ ᠬᠠᠷᠠᠬᠤ ᠪᠣᠯᠤᠨ᠎ᠠ》 ᠭᠡᠵᠦ ᠶᠡᠬᠡᠮᠰᠦᠭᠯᠡᠨ᠂ ᠪᠢᠳᠡᠨ ᠢ᠋ ᠳᠣᠷᠣᠮᠵᠢᠯᠠᠨ ᠬᠡᠯᠡᠵᠦ᠂ ᠴᠠᠭᠤᠷ ᠪᠡᠬᠢ ᠳᠡᠭᠦᠦ ᠪᠡᠨ ᠥᠭᠬᠦ ᠶ᠋ᠢ ᠵᠥᠪᠰᠢᠶᠡᠷᠡᠭᠰᠡᠨ ᠦᠭᠡᠢ᠃ ᠡᠭᠦᠨ ᠳ᠋ᠦ᠍ ᠴᠢᠩᠭᠢᠰ ᠬᠠᠭᠠᠨ ᠳᠣᠲᠣᠷ᠎ᠠ ᠪᠠᠨ ᠸᠠᠩ ᠬᠠᠨ᠂ ᠨᠢᠯᠬ᠎ᠠ ᠰᠡᠩᠭᠦᠮ ᠬᠣᠶᠠᠷ ᠲᠤ᠌ ᠳᠤᠷ᠎ᠠ ᠦᠭᠡᠢ ᠪᠣᠯᠵᠠᠢ᠃
166᠂ ᠲᠡᠭᠡᠵᠦ ᠳᠤᠷ᠎ᠠ ᠦᠭᠡᠢ ᠪᠣᠯᠤᠯᠴᠠᠭᠰᠠᠨ ᠢ᠋ ᠵᠠᠮᠤᠬ᠎ᠠ ᠮᠡᠳᠡᠵᠦ᠂ ᠭᠠᠬᠠᠢ ᠵᠢᠯ ᠦ᠋ᠨ (1203 ᠣᠨ) ᠬᠠᠪᠤᠷ ᠵᠠᠮᠤᠬ᠎ᠠ᠂ ᠠᠯᠲᠠᠨ᠂ ᠬᠣᠴᠣᠷ᠂ ᠬᠠᠷᠳᠠᠬᠢᠳᠠᠢ᠂ ᠡᠪᠦᠭᠡᠵᠢᠨ᠂ ᠨᠣᠶᠠᠬᠢᠨ᠂ ᠰᠦᠬᠡᠬᠡᠳᠡᠢ ᠲᠤᠭᠤᠷᠢᠯ᠂ ᠬᠠᠴᠢᠭᠤᠨ ᠪᠡᠬᠢ ᠨᠠᠷ ᠡᠶᠠᠯᠳᠣᠨ ᠨᠡᠢᠯᠡᠯᠳᠦᠵᠦ ᠨᠡᠭᠦᠭᠡᠳ ᠵᠡᠨᠵᠡᠭᠡᠷ ᠥᠨᠳᠥᠷ ᠦ᠋ᠨ ᠬᠢᠷ᠎ᠠ ᠶ᠋ᠢᠨ ᠪᠡᠷᠬᠡ ᠡᠯᠠᠳ  ᠲᠤ᠌ ᠣᠴᠢᠵᠤ ᠨᠢᠯᠬ᠎ᠠ ᠰᠡᠩᠭᠦᠮ ᠲᠡᠢ ᠠᠭᠤᠯᠵᠠᠭᠠᠳ᠂ ᠵᠠᠮᠤᠬ᠎ᠠ ᠬᠣᠪᠯᠠᠨ ᠥᠭᠦᠯᠡᠷᠦᠨ᠄
《ᠮᠢᠨᠦ ᠠᠨᠳᠠ ᠲᠡᠮᠦᠵᠢᠨ᠂ ᠨᠢᠮᠡᠨ ᠦ᠌ ᠲᠢᠶᠠᠨ ᠬᠠᠨ ᠳ᠋ᠤ᠌ ᠡᠯᠴᠢ ᠢᠯᠡᠭᠡᠵᠦ ᠦᠷᠭᠦᠯᠵᠢ ᠬᠠᠷᠢᠯᠴᠠᠭᠠᠲᠠᠢ ᠪᠠᠢᠳᠠᠭ ᠪᠢᠯᠡ᠃ᠲᠡᠷᠡ᠂ᠠᠮᠠ ᠬᠡᠯᠡᠨ ᠳ᠋ᠡᠭᠡᠨ ᠠᠪᠤ ᠬᠥᠪᠡᠭᠦᠨ ᠭᠡᠳᠡᠭ ᠪᠣᠯᠪᠠᠴᠤ ᠠᠪᠤᠷᠢ ᠰᠠᠨᠠᠭ᠎ᠠ ᠨᠢ ᠠᠳᠠᠪᠢᠰᠢ ᠥᠭᠡᠷ᠎ᠡ ᠪᠢᠰᠢᠦ ᠲᠡᠭᠦᠨ ᠳ᠋ᠦ᠍ ᠢᠲᠡᠭᠡᠵᠦ ᠪᠠᠢᠨ᠎ᠠ ᠤᠤ? ᠬᠣᠵᠢᠭᠳᠠᠪᠠᠯ ᠲᠠ ᠨᠠᠷ ᠶᠠᠭᠤ ᠪᠣᠯᠬᠤ ᠪᠠᠨ ᠮᠡᠳᠡᠵᠦ ᠪᠠᠢᠨ᠎ᠠ ᠤᠤ? ᠲᠠ ᠨᠠᠷ ᠲᠡᠮᠦᠵᠢᠨ ᠲᠡᠢ ᠪᠠᠢᠯᠳᠤᠬᠤ ᠪᠠᠷ ᠮᠣᠷᠳᠠᠪᠠᠯ ᠪᠢ ᠬᠠᠵᠠᠭᠤ ᠠ᠋ᠴᠠ ᠣᠷᠣᠯᠴᠠᠶ᠎ᠠ》 ᠭᠡᠵᠡᠢ᠃
ᠠᠯᠲᠠᠨ ᠬᠣᠴᠠᠷ ᠬᠣᠶᠠᠷ ᠥᠭᠦᠯᠡᠷᠦᠨ᠄
《ᠪᠢᠳᠡ᠄ᠥᠭᠡᠯᠦᠨ ᠡᠬᠡ ᠶ᠋ᠢᠨ ᠥᠨᠥᠴᠢᠨ ᠬᠥᠪᠡᠭᠦᠳ ᠦ᠋ᠨ ᠠᠬ᠎ᠠ ᠶ᠋ᠢ ᠨᠢ ᠠᠯᠠᠵᠤ ᠳᠡᠭᠦᠦ ᠶ᠋ᠢ ᠨᠢ ᠳᠡᠭᠦᠵᠢᠯᠡᠵᠦ ᠥᠭᠭᠦᠶ᠎ᠡ》 ᠭᠡᠵᠡᠢ᠃ ᠬᠠᠷᠳᠠᠬᠢᠳᠠᠢ ᠡᠪᠦᠭᠡᠵᠢᠨ ᠨᠣᠶᠠᠬᠢᠨ ᠥᠭᠦᠯᠡᠷᠦᠨ᠄
《ᠭᠠᠷ ᠢ᠋ ᠨᠢ ᠪᠠᠷᠢᠵᠤ ᠬᠥᠯ ᠢ᠋ ᠨᠢ ᠬᠦᠯᠢᠵᠦ ᠥᠭᠭᠦᠶ᠎ᠡ》 ᠭᠡᠵᠡᠢ᠃ ᠲᠤᠭᠤᠷᠢᠯ ᠥᠭᠦᠯᠡᠷᠦᠨ᠄ 《ᠠᠷᠭ᠎ᠠ ᠰᠦᠪᠡᠬᠴᠢᠯᠡᠵᠦ ᠲᠡᠮᠦᠵᠢᠨ ᠦ᠌ ᠤᠯᠤᠰ ᠢ᠋ ᠪᠤᠯᠢᠶᠠᠵᠤ ᠠᠪᠤᠶ᠎ᠠ᠂ ᠤᠯᠤᠰ ᠢ᠋ᠶ᠋ᠠᠨ ᠠᠪᠲᠠᠪᠠᠯ ᠲᠡᠷᠡ ᠶᠠᠭᠠᠬᠢᠬᠤ ᠴᠤ᠌ ᠠᠷᠭ᠎ᠠ ᠦᠭᠡᠢ ᠪᠣᠯᠤᠨ᠎ᠠ》 ᠭᠡᠵᠡᠢ᠃ ᠬᠠᠴᠢᠭᠤᠨ ᠪᠡᠬᠢ ᠥᠭᠦᠯᠡᠷᠦᠨ᠄ 《ᠨᠢᠯᠬ᠎ᠠ ᠰᠡᠩᠭᠦᠮ ᠬᠥᠪᠡᠭᠦᠨ ᠴᠢᠮᠢ᠋ᠢ ᠰᠡᠳᠬᠢᠵᠦ᠂ ᠴᠢᠨᠦ ᠲᠥᠯᠥᠭᠡ ᠤᠷᠲᠤ ᠶ᠋ᠢᠨ ᠦᠵᠦᠭᠦᠷ ᠲᠦ᠍᠂ ᠭᠦᠨ ᠦ᠌ ᠢᠷᠣᠭᠠᠷ ᠲᠤ᠌ ᠬᠦᠷᠬᠦ ᠡᠴᠡ ᠪᠤᠴᠠᠬᠤ ᠦᠭᠡᠢ》 ᠭᠡᠵᠡᠢ᠃
167᠂ ᠡᠳᠡᠭᠡᠷ ᠦᠭᠡ ᠶ᠋ᠢ ᠨᠢᠯᠬ᠎ᠠ ᠰᠡᠩᠭᠦᠮ᠂ ᠡᠴᠢᠭᠡ ᠸᠠᠩ ᠬᠠᠨ ᠳ᠋ᠠᠭᠠᠨ ᠰᠠᠢᠬᠠᠨ ᠲᠦᠳᠡᠬᠡᠨ ᠭᠡᠭᠴᠢ ᠬᠥᠮᠦᠨ ᠢ᠋ᠶ᠋ᠡᠷ ᠬᠡᠯᠡᠵᠦ ᠢᠯᠡᠭᠡᠪᠡ᠃ ᠡᠨᠡ ᠦᠭᠡ ᠶ᠋ᠢ ᠸᠠᠩ ᠬᠠᠨ ᠰᠣᠨᠣᠰᠤᠭᠠᠳ ᠥᠭᠦᠯᠡᠷᠦᠨ᠄
《ᠲᠡᠮᠦᠵᠢᠨ ᠬᠥᠪᠡᠭᠦᠨ ᠳ᠋ᠦ᠍ ᠲᠡᠢᠮᠦ ᠮᠠᠭᠤ ᠰᠡᠳᠬᠢᠵᠦ ᠶᠠᠭᠠᠬᠢᠵᠤ ᠪᠣᠯᠤᠨ᠎ᠠ? ᠪᠢᠳᠡ᠂ ᠲᠡᠮᠦᠵᠢᠨ ᠬᠥᠪᠡᠭᠦᠨ ᠢ᠋ᠶ᠋ᠡᠷ ᠲᠤᠯᠭᠠᠭᠤᠷᠢ ᠪᠣᠯᠭᠠᠵᠤ ᠪᠠᠢᠭ᠎ᠠ ᠠᠲᠠᠯ᠎ᠠ᠂ ᠲᠡᠭᠦᠨ ᠳ᠋ᠦ᠍ ᠮᠠᠭᠤ ᠰᠠᠨᠠᠪᠠᠯ ᠲᠩᠷᠢ ᠪᠢᠳᠡᠨ ᠢ᠋ ᠲᠠᠭᠠᠯᠠᠬᠤ ᠦᠭᠡᠢ᠂ ᠵᠠᠮᠤᠬ᠎ᠠ ᠬᠡᠵᠢᠶᠡᠨ ᠡᠴᠡ ᠲᠠᠨᠤᠮᠠᠯ ᠴᠠᠯᠴᠢᠶ᠎ᠠ ᠬᠥᠮᠦᠨ ᠪᠢᠯᠡ᠃ ᠲᠡᠷᠡ ᠳᠡᠮᠡᠢ ᠵᠥᠪ ᠪᠤᠷᠤᠭᠤ ᠦᠭᠡ ᠬᠡᠯᠡᠵᠦ ᠪᠠᠢᠨ᠎ᠠ》 ᠭᠡᠵᠦ ᠡᠰᠡ ᠲᠠᠭᠠᠯᠠᠨ ᠪᠤᠴᠠᠭᠠᠵᠠᠢ᠃ ᠪᠠᠰᠠ ᠰᠡᠩᠭᠦᠮ ᠦ᠋ᠨ ᠬᠡᠯᠡᠭᠦᠯᠦᠭᠰᠡᠨ ᠨᠢ᠄ 《ᠠᠮᠢᠳᠤ ᠬᠥᠮᠦᠨ᠂ ᠠᠮᠠ ᠬᠡᠯᠡ ᠪᠡᠷ ᠢ᠋ᠶ᠋ᠡᠨ ᠬᠡᠯᠡᠵᠦ ᠪᠠᠢᠬᠤ ᠳ᠋ᠤ᠌ ᠠᠪᠤ ᠲᠠ ᠶᠠᠭᠠᠬᠢᠭᠠᠳ ᠢᠲᠡᠭᠡᠳᠡᠭ ᠦᠭᠡᠢ ᠪᠢᠯᠡ?》 ᠭᠡᠵᠦ ᠳᠠᠬᠢᠨ ᠬᠥᠮᠦᠨ ᠶᠠᠪᠤᠭᠤᠯᠵᠤ ᠬᠡᠯᠡᠭᠦᠯᠵᠦ ᠶᠠᠳᠠᠭᠠᠳ ᠡᠴᠦᠰ ᠲᠦ᠍ ᠨᠢ ᠥᠪᠡᠷ ᠦ᠋ᠨ ᠪᠡᠶ᠎ᠡ ᠪᠡᠷ ᠢᠷᠡᠵᠦ ᠡᠴᠢᠭᠡ ᠳ᠋ᠡᠭᠡᠨ ᠥᠭᠦᠯᠡᠷᠦᠨ᠄ 《ᠣᠳᠣ ᠴᠢᠮᠢ᠋ᠢ ᠠᠮᠢᠳᠤ ᠪᠠᠢᠬᠤ ᠳ᠋ᠤ᠌ ᠪᠢᠳᠡᠨ ᠢ᠋ ᠲᠡᠷᠡ ᠲᠣᠭᠣᠮᠰᠣᠷᠯᠠᠬᠣ ᠦᠭᠡᠢ ᠪᠠᠢᠨ᠎ᠠ᠂ ᠬᠡᠷᠪᠡ ᠬᠠᠨ ᠡᠴᠢᠭᠡ ᠴᠢᠮᠢ᠋ᠢ ᠴᠠᠭᠠᠨ ᠢᠳᠡᠭᠡᠨ ᠳ᠋ᠦ᠍ ᠴᠠᠴᠠᠵᠤ᠂ ᠬᠠᠷ᠎ᠠ ᠮᠢᠬᠠᠨ ᠳ᠋ᠤ᠌ ᠬᠠᠬᠠᠪᠠᠯ᠂ ᠬᠤᠷᠴᠠᠬᠤᠰ ᠪᠤᠢ᠌ᠷᠤᠭ ᠬᠠᠨ ᠡᠴᠢᠭᠡ ᠶ᠋ᠢᠨ ᠵᠣᠪᠠᠵᠤ ᠬᠤᠷᠢᠶᠠᠭᠰᠠᠨ ᠤᠯᠤᠰ᠂ ᠵᠦᠳᠡᠵᠦ ᠪᠠᠢᠭᠤᠯᠤᠭᠰᠠᠨ ᠲᠥᠷᠥ ᠶ᠋ᠢ ᠴᠢᠨᠢ ᠪᠢᠳᠡᠨ ᠳ᠋ᠦ᠍ ᠮᠡᠳᠡᠭᠦᠯᠬᠦ ᠦᠭᠡᠢ ᠪᠣᠯᠭᠤᠵᠠᠢ》 ᠭᠡᠵᠡᠢ᠃ ᠸᠠᠩ ᠬᠠᠨ ᠥᠭᠦᠯᠡᠷᠦᠨ᠄
《ᠦᠷ᠎ᠡ ᠬᠥᠪᠡᠭᠦᠨ ᠢ᠋ᠶ᠋ᠡᠨ ᠶᠠᠭᠠᠬᠢᠵᠤ ᠬᠥᠨᠥᠭᠡᠬᠦ ᠪᠣᠢ? ᠦᠨᠡᠬᠡᠷ ᠲᠤᠯᠭᠠᠭᠤᠷᠢ ᠪᠣᠯᠵᠤ ᠪᠠᠢᠭ᠎ᠠ ᠬᠥᠮᠦᠨ ᠳ᠋ᠦ᠍ ᠮᠠᠭᠤ ᠰᠡᠳᠬᠢᠪᠡᠯ᠂ ᠲᠩᠷᠢ ᠪᠢᠳᠡᠨ ᠢ᠋ ᠦᠯᠦ ᠳᠠᠭᠠᠯᠠᠬᠤ ᠪᠣᠯᠤᠨ᠎ᠠ》 ᠭᠡᠪᠡᠯ᠂ ᠬᠥᠪᠡᠭᠦᠨ ᠨᠢᠯᠬ᠎ᠠ ᠰᠡᠩᠭᠦᠮ ᠠᠭᠤᠷᠯᠠᠵᠤ ᠡᠭᠦᠳᠡ ᠬᠠᠶᠠᠨ ᠭᠠᠷᠪᠠ᠃ ᠵᠢᠴᠢ᠂ ᠸᠠᠩ ᠬᠠᠨ᠂ ᠬᠥᠪᠡᠭᠦᠨ ᠰᠡᠩᠭᠦᠮ ᠢ᠋ ᠬᠠᠢᠷᠠᠯᠠᠵᠤ ᠤᠷᠢᠵᠤ ᠢᠷᠡᠭᠦᠯᠦᠭᠡᠳ ᠥᠭᠦᠯᠡᠷᠦᠨ᠄ 《ᠲᠡᠭᠷᠢ ᠳ᠋ᠦ᠍ ᠦᠯᠦ ᠲᠠᠭᠠᠯᠠᠭᠳᠠᠬᠤ ᠠ᠋ᠴᠠ ᠠᠶᠤᠵᠤ ᠬᠥᠪᠡᠭᠦᠨ ᠢ᠋ᠶ᠋ᠡᠨ ᠶᠠᠭᠠᠬᠢᠵᠤ ᠬᠥᠨᠥᠭᠡᠬᠦ ᠪᠣᠢ? ᠭᠡᠰᠡᠨ ᠪᠢᠯᠡ᠃ ᠲᠠ ᠨᠠᠷ ᠴᠢᠳᠠᠬᠤ ᠪᠣᠯ ᠶᠠᠭᠤ ᠦᠢᠯᠡᠳᠬᠦ ᠪᠡᠨ ᠥᠪᠡᠷᠰᠡᠳ ᠢ᠋ᠶ᠋ᠡᠨ ᠮᠡᠳᠡᠲᠦᠭᠡᠢ》 ᠭᠡᠵᠡᠢ᠃
168᠂ ᠲᠡᠨᠳᠡ ᠡᠴᠡ ᠰᠡᠩᠭᠦᠮ ᠥᠭᠦᠯᠡᠷᠦᠨ᠄ 《ᠮᠥᠨᠥᠬᠡᠨ ᠲᠡᠳᠡ ᠮᠠᠨ ᠤ᠋ ᠴᠠᠭᠤᠷ ᠪᠡᠬᠢ ᠶ᠋ᠢ ᠭᠤᠶᠤᠵᠤ ᠪᠠᠢᠭᠰᠠᠨ ᠪᠢᠯᠡ᠃ ᠣᠳᠣ 〈ᠪᠠᠭᠠᠯᠵᠤᠷ ᠢᠳᠡ〉 ᠭᠡᠵᠦ ᠡᠳᠦᠷ ᠪᠣᠯᠵᠣᠵᠤ ᠢᠷᠡᠭᠦᠯᠦᠭᠡᠳ ᠲᠡᠭᠦᠨ ᠢ᠋ ᠪᠠᠷᠢᠵᠤ ᠠᠪᠤᠶ᠎ᠠ》 ᠭᠡᠪᠡ᠃ (《ᠪᠠᠭᠠᠯᠵᠤᠷ ᠢᠳᠡᠬᠦ》 ᠭᠡᠬᠦ ᠨᠢ ᠬᠣᠨᠢᠨ ᠤ᠋ ᠪᠠᠭᠠᠯᠵᠤᠷ ᠮᠢᠬ᠎ᠠ ᠶ᠋ᠢ ᠢᠳᠡ ᠭᠡᠰᠡᠨ ᠦᠭᠡ ᠪᠢᠵᠡ᠃ ᠵᠠᠯᠠᠭᠤ ᠡᠷ᠎ᠡ ᠡᠮ᠎ᠡ ᠭᠡᠷᠯᠡᠭᠰᠡᠨ ᠡᠳᠦᠷ ᠡᠴᠡ ᠡᠬᠢᠯᠡᠨ ᠭᠤᠷᠪᠠᠨ ᠬᠣᠨᠣᠭ ᠬᠣᠨᠢᠨ ᠤ᠋ ᠬᠦᠵᠦᠭᠦᠦ ᠪᠠᠭᠠᠯᠵᠤᠷ ᠢ᠋ ᠬᠤᠪᠢᠶᠠᠵᠤ ᠢᠳᠡᠬᠦ ᠵᠠᠩᠰᠢᠯ ᠮᠣᠩᠭ᠋ᠣᠯ ᠭᠠᠵᠠᠷ ᠣᠳᠣ ᠴᠤ᠌ ᠬᠦᠷᠲᠡᠯ᠎ᠡ ᠪᠠᠢᠨ᠎ᠠ᠃ ᠬᠦᠵᠦᠭᠦᠦ ᠪᠠᠭᠠᠯᠵᠤᠷ ᠤ᠋ᠨ ᠶᠠᠰᠤ ᠮᠠᠰᠢ ᠪᠠᠲᠤ ᠬᠡᠯᠬᠢᠶ᠎ᠡ ᠲᠡᠢ ᠪᠠᠢᠳᠠᠭ ᠲᠤᠯᠠ ᠡᠭᠦᠪᠡᠷ ᠡᠷ᠎ᠡ ᠡᠮ᠎ᠡ ᠶ᠋ᠢᠨ ᠪᠠᠲᠤ ᠬᠣᠯᠪᠣᠭ᠎ᠠ ᠶ᠋ᠢ ᠪᠡᠯᠭᠡᠳᠡᠵᠡᠢ᠂ ᠡᠢᠮᠦ ᠶ᠋ᠢᠨ ᠲᠤᠯᠠ 《ᠪᠠᠭᠠᠯᠵᠤᠷ ᠢᠳᠡ》 ᠭᠡᠬᠦ ᠨᠢ ᠡᠷ᠎ᠡ ᠡᠮ᠎ᠡ ᠪᠣᠯᠬᠤ ᠬᠤᠷᠢᠮ ᠬᠢᠶ᠎ᠡ ᠭᠡᠰᠡᠨ ᠦᠭᠡ ᠪᠢᠵᠡ᠃) ᠲᠡᠭᠡᠵᠦ ᠬᠡᠯᠡᠯᠴᠡᠵᠦ ᠲᠣᠭᠲᠠᠭᠠᠳ 《ᠴᠠᠭᠤᠷ ᠪᠡᠬᠢ ᠶ᠋ᠢ ᠥᠭᠶ᠎ᠡ᠂ ᠪᠠᠭᠠᠯᠵᠤᠷ ᠢᠳᠡᠬᠦ ᠪᠡᠷ ᠢᠷᠡᠭᠲᠦᠨ》 ᠭᠡᠵᠦ ᠴᠢᠩᠭᠢᠰ ᠲᠦ᠍ ᠬᠥᠮᠦᠨ ᠢᠯᠡᠭᠡᠪᠡ᠃ ᠲᠡᠷᠡ ᠶᠣᠰᠣ ᠪᠠᠷ ᠴᠢᠩᠭᠢᠰ ᠬᠠᠭᠠᠨ᠂ ᠠᠷᠪᠠᠨ ᠬᠥᠮᠦᠨ ᠳᠠᠭᠠᠭᠤᠯᠵᠤ᠂ ᠸᠠᠩ ᠬᠠᠨ ᠳ᠋ᠤ᠌ ᠣᠴᠢᠬᠤ ᠵᠠᠮ ᠤ᠋ᠨ ᠵᠠᠭᠤᠷ᠎ᠠ ᠮᠦᠩᠯᠢᠭ ᠡᠴᠢᠭᠡ ᠶ᠋ᠢᠨ ᠭᠡᠷ ᠲᠦ᠍ ᠬᠣᠨᠣᠪᠠᠯ᠂ ᠮᠦᠩᠯᠢᠭ ᠡᠴᠢᠭᠡ ᠥᠭᠦᠯᠡᠷᠦᠨ᠄
《ᠮᠥᠨᠥᠬᠡᠨ ᠪᠢᠳᠡ ᠴᠠᠭᠤᠷ ᠪᠡᠬᠢ ᠶ᠋ᠢ ᠭᠤᠶᠤᠪᠠᠯ᠂ ᠪᠢᠳᠡᠨ ᠢ᠋ ᠳᠣᠷᠣᠮᠵᠢᠯᠠᠵᠤ ᠥᠭᠭᠦᠭᠰᠡᠨ ᠦᠭᠡᠢ ᠪᠢᠯᠡ᠃ ᠣᠳᠣ ᠪᠠᠭᠠᠯᠵᠤᠷ ᠢᠳᠡ ᠭᠡᠵᠦ ᠭᠡᠨᠡᠳᠲᠡ ᠤᠷᠢᠬᠤ ᠨᠢ ᠵᠢᠭᠲᠡᠢ᠂ ᠰᠠᠢᠬᠠᠨ ᠶᠡᠬᠡᠮᠰᠦᠭᠯᠡᠨ ᠪᠢᠳᠡᠨ ᠢ᠋ ᠲᠣᠭᠣᠬᠤ ᠦᠭᠡᠢ ᠪᠠᠢᠭᠰᠠᠨ ᠬᠥᠮᠦᠰ᠂ ᠭᠡᠨᠡᠳᠲᠡ ᠶᠠᠭᠠᠬᠢᠭᠠᠳ ᠴᠠᠭᠤᠷ ᠪᠡᠬᠢ ᠶ᠋ᠢ ᠥᠭᠬᠦ ᠪᠣᠯᠪᠠ? ᠡᠭᠦᠨ ᠳ᠋ᠦ᠍ ᠰᠡᠵᠢᠭᠲᠡᠢ ᠶᠠᠪᠤᠳᠠᠯ ᠪᠠᠢᠨ᠎ᠠ᠃ ᠬᠥᠪᠡᠭᠦᠨ ᠴᠢ ᠪᠣᠯᠭᠣᠮᠵᠢᠯᠠᠬᠤ ᠬᠡᠷᠡᠭᠲᠡᠢ᠃ ᠣᠳᠣ ᠬᠠᠪᠤᠷ ᠪᠣᠯᠪᠠ᠂ ᠪᠢᠳᠡᠨ ᠦ᠌ ᠠᠳᠤᠭᠤ ᠲᠤᠷᠠᠩᠬᠠᠢ ᠪᠠᠢᠨ᠎ᠠ᠃ ᠠᠳᠤᠭᠤ ᠪᠠᠨ ᠲᠠᠷᠭᠤᠯᠠᠮᠠᠭᠴᠠ ᠣᠴᠢᠶ᠎ᠠ ᠭᠡᠵᠦ ᠰᠢᠯᠲᠠᠭᠯᠠᠵᠤ᠂ ᠡᠨᠡ ᠬᠡᠷᠡᠭ ᠢ᠋ ᠬᠣᠢᠰᠢ ᠲᠠᠯᠪᠢᠪᠠᠯ ᠶᠠᠮᠠᠷ?》 ᠭᠡᠰᠡᠨ ᠳ᠋ᠦ᠍ ᠴᠢᠩᠭᠢᠰ ᠬᠠᠭᠠᠨ᠂ ᠲᠡᠭᠦᠨ ᠦ᠌ ᠦᠭᠡ ᠶ᠋ᠢ ᠠᠪᠴᠤ ᠥᠪᠡᠷ ᠢ᠋ᠶ᠋ᠡᠨ ᠣᠴᠢᠭᠰᠠᠨ ᠦᠭᠡᠢ᠂ ᠪᠤᠬᠠᠲᠠᠢ᠂ ᠬᠢᠷᠠᠲᠤ ᠬᠣᠶᠠᠷ ᠢ᠋ 《ᠪᠠᠭᠠᠯᠵᠤᠷ ᠢᠳᠡ》 ᠭᠡᠵᠦ ᠶᠠᠪᠤᠭᠤᠯᠤᠭᠠᠳ ᠴᠢᠩᠭᠢᠰ ᠬᠠᠭᠠᠨ᠂ ᠮᠦᠩᠯᠢᠭ ᠡᠴᠢᠭᠡ ᠶ᠋ᠢᠨ ᠭᠡᠷ ᠡᠴᠡ ᠪᠤᠴᠠᠪᠠ᠃ ᠪᠤᠬᠠᠲᠠᠢ ᠬᠢᠷᠠᠲᠤ ᠬᠣᠶᠠᠷ ᠢ᠋ ᠣᠴᠢᠮᠠᠭᠴᠠ᠂ ᠰᠡᠩᠭᠦᠮ ᠨᠠᠷ 《ᠪᠢᠳᠡᠨ ᠦ᠌ ᠬᠡᠷᠡᠭ ᠮᠠᠲᠠᠭᠳᠠᠪᠠ᠂ ᠮᠠᠷᠭᠠᠰᠢ ᠡᠷᠲᠡ ᠬᠠᠮᠤᠷᠴᠤ ᠪᠠᠷᠢᠶ᠎ᠠ》 ᠭᠡᠪᠡ᠃
169᠂ ᠲᠡᠢᠨᠬᠦ ᠪᠠᠷᠢᠬᠤ ᠭᠡᠵᠦ ᠬᠡᠯᠡᠯᠴᠡᠵᠦ ᠲᠣᠭᠲᠠᠭᠰᠠᠨ ᠢ᠋ ᠠᠯᠲᠠᠨ ᠤ᠋ ᠳᠡᠭᠦᠦ ᠶᠡᠬᠡ ᠴᠡᠷᠢᠭ ᠭᠡᠷ ᠲᠡᠭᠡᠨ ᠢᠷᠡᠵᠦ ᠥᠭᠦᠯᠡᠷᠦᠨ᠄
《ᠮᠠᠷᠭᠠᠰᠢ ᠥᠷᠯᠥᠭᠡ ᠲᠡᠮᠦᠵᠢᠨ ᠢ᠋ ᠪᠠᠷᠢᠬᠤ ᠪᠠᠷ ᠰᠢᠢᠳᠪᠡ᠃ ᠡᠨᠡ ᠦᠭᠡ ᠶ᠋ᠢ ᠬᠦᠷᠭᠡᠭᠰᠡᠨ ᠬᠥᠮᠦᠨ ᠳ᠋ᠦ᠍ ᠲᠡᠮᠦᠵᠢᠨ ᠶᠠᠭᠤ ᠪᠠᠨ ᠴᠤ᠌ ᠬᠠᠢᠷᠠᠯᠠᠬᠤ ᠦᠭᠡᠢ ᠥᠭᠬᠦ ᠪᠢᠵᠡ》 ᠭᠡᠪᠡᠯ᠂ ᠲᠡᠭᠦᠨ ᠦ᠌ ᠡᠮ᠎ᠡ ᠠᠯᠬᠠᠴᠢᠳ ᠥᠭᠦᠯᠡᠷᠦᠨ᠄ 《ᠴᠢᠨᠦ ᠡᠨᠡ ᠳᠡᠯᠢᠮ ᠦᠭᠡ᠂ ᠠᠯᠲᠠ ᠬᠡᠯᠡ ᠴᠢᠨᠢ ᠶᠠᠭᠤᠨ ᠪᠣᠯᠤᠨ᠎ᠠ? ᠬᠥᠮᠦᠨ ᠰᠣᠨᠣᠰᠴᠤ ᠦᠨᠡᠮᠰᠢᠭᠦᠵᠡᠢ》 ᠭᠡᠪᠡ᠃ ᠡᠨᠡ ᠦᠭᠡ ᠶ᠋ᠢ ᠰᠦ ᠬᠦᠷᠭᠡᠬᠦ ᠪᠡᠷ ᠢᠷᠡᠭᠰᠡᠨ ᠲᠡᠳᠡᠨ ᠦ᠌ ᠠᠳᠤᠭᠤᠴᠢ ᠪᠠᠳᠠᠢ ᠰᠣᠨᠣᠰᠴᠤ ᠪᠤᠴᠠᠪᠠ᠃ ᠪᠠᠳᠠᠢ ᠬᠠᠷᠢᠵᠤ ᠢᠷᠡᠭᠡᠳ ᠨᠥᠬᠥᠷ ᠠᠳᠤᠭᠤᠴᠢ ᠬᠢᠰᠢᠯᠢᠭ ᠲᠦ᠍ ᠴᠡᠷᠢᠭ ᠦ᠋ᠨ ᠦᠭᠡ ᠶ᠋ᠢ ᠬᠡᠯᠡᠪᠡᠯ᠂ ᠬᠢᠰᠢᠯᠢᠭ ᠥᠭᠦᠯᠡᠷᠦᠨ᠄ 《ᠪᠢ ᠪᠠᠰᠠ ᠣᠴᠢᠵᠤ ᠤᠴᠢᠷ ᠢ᠋ ᠮᠡᠳᠡᠶ᠎ᠡ》 ᠭᠡᠵᠦ ᠴᠡᠷᠢᠭ ᠦ᠋ᠨ ᠭᠡᠷ ᠲᠦ᠍ ᠣᠴᠢᠪᠠᠯ ᠴᠡᠷᠢᠭ ᠦ᠋ᠨ ᠬᠥᠪᠡᠭᠦᠨ ᠨᠠᠷᠢᠨ ᠭᠡᠭᠡᠨ ᠭᠠᠳᠠᠨ᠎ᠠ ᠰᠠᠭᠤᠵᠤ ᠰᠤᠮᠤ ᠪᠠᠨ ᠵᠦᠯᠭᠦᠵᠦ ᠪᠠᠢᠨ᠎ᠠ᠃ ᠨᠠᠷᠢᠨ ᠭᠡᠭᠡᠨ ᠥᠭᠦᠯᠡᠷᠦᠨ᠄
《ᠮᠠᠨᠠᠢᠬᠢᠨ ᠰᠠᠶᠢ ᠶᠠᠭᠤ ᠭᠡᠵᠦ ᠶᠠᠷᠢᠭᠰᠠᠨ ᠪᠣᠢ? ᠬᠡᠯᠡ ᠪᠡᠨ ᠲᠠᠲᠠᠵᠤ᠂ ᠠᠮᠠ ᠪᠠᠨ ᠪᠠᠷᠢᠵᠤ ᠶᠠᠪᠤᠭᠠᠰᠠᠢ》 ᠭᠡᠵᠡᠢ᠃ ᠲᠡᠭᠡᠭᠡᠳ ᠨᠠᠷᠢᠨ ᠭᠡᠭᠡᠨ᠂ ᠪᠠᠰᠠ ᠠᠳᠤᠭᠤᠴᠢ ᠬᠢᠰᠢᠯᠢᠭ ᠲᠦ᠍ ᠥᠭᠦᠯᠡᠷᠦᠨ᠄ 《ᠮᠠᠷᠬᠢᠳᠠᠢ ᠴᠠᠭᠠᠨ᠂ ᠠᠮᠠ ᠴᠠᠭᠠᠨ ᠬᠡᠭᠡᠷ ᠬᠣᠶᠠᠷ ᠮᠣᠷᠢ ᠶ᠋ᠢ ᠪᠠᠷᠢᠵᠤ ᠠᠪᠴᠢᠷ᠎ᠠ᠃ ᠤᠶᠠᠵᠤ ᠬᠣᠨᠣᠭᠠᠳ ᠥᠷᠯᠥᠭᠡ ᠡᠷᠲᠡ ᠮᠣᠷᠳᠠᠨ᠎ᠠ》 ᠭᠡᠵᠡᠢ᠃ ᠬᠢᠰᠢᠯᠢᠭ ᠢᠷᠡᠵᠦ ᠪᠠᠳᠠᠢ ᠳ᠋ᠤ᠌ ᠥᠭᠦᠯᠡᠷᠦᠨ᠄
《ᠲᠤᠭᠠᠷ ᠤ᠋ᠨ (ᠰᠠᠶᠢ ᠶ᠋ᠢᠨ) ᠦᠨᠡᠨ ᠪᠣᠯᠪᠠ᠂ ᠣᠳᠣ ᠪᠢᠳᠡ ᠬᠣᠶᠠᠷ᠂ ᠲᠡᠮᠦᠵᠢᠨ ᠳ᠋ᠦ᠍ ᠬᠡᠯᠡ ᠬᠦᠷᠭᠡᠶ᠎ᠡ》 ᠭᠡᠵᠦ ᠦᠭᠡ ᠪᠠᠷᠢᠯᠳᠤᠵᠤ᠂ ᠮᠠᠷᠬᠢᠳᠠᠢ ᠴᠠᠭᠠᠨ᠂ ᠠᠮᠠ ᠴᠠᠭᠠᠨ ᠬᠡᠭᠡᠷ ᠬᠣᠶᠠᠷ ᠮᠣᠷᠢ ᠶ᠋ᠢ ᠪᠠᠷᠢᠵᠤ᠂ ᠶᠡᠬᠡ ᠭᠡᠷ ᠦ᠋ᠨ ᠭᠠᠳᠠᠨ᠎ᠠ ᠤᠶᠠᠭᠠᠳ ᠮᠥᠨ ᠦᠳᠡᠰᠢ ᠬᠣᠨᠢᠨ ᠳ᠋ᠤ᠌ ᠣᠷᠣᠵᠤ ᠨᠢᠭᠡᠨ ᠬᠤᠷᠠᠭ᠎ᠠ ᠠᠯᠠᠭᠠᠳ ᠢᠰᠡᠷᠢ (ᠣᠷᠣ) ᠪᠠᠷ ᠲᠦᠯᠡᠵᠦ ᠴᠢᠨᠠᠭᠠᠳ ᠮᠡᠷᠬᠢᠳᠡᠢ ᠴᠠᠭᠠᠨ ᠮᠣᠷᠢ᠂ ᠠᠮᠠ ᠴᠠᠭᠠᠨ ᠬᠡᠭᠡᠷ ᠬᠣᠶᠠᠷ ᠪᠡᠯᠡᠨ ᠤᠶᠠᠭᠰᠠᠨ ᠮᠣᠷᠢ ᠶ᠋ᠢ ᠤᠨᠤᠵᠤ ᠲᠡᠷᠡ ᠰᠥᠨᠢ ᠳ᠋ᠡᠭᠡᠨ ᠴᠢᠩᠭᠢᠰ ᠬᠠᠭᠠᠨ ᠳ᠋ᠤ᠌ ᠳᠠᠪᠬᠢᠵᠤ ᠢᠷᠡᠪᠡ᠃ ᠪᠠᠳᠠᠢ ᠬᠢᠰᠢᠯᠢᠭ ᠬᠣᠶᠠᠷ᠂ ᠴᠢᠩᠭᠢᠰ ᠦ᠋ᠨ ᠭᠡᠷ ᠦ᠋ᠨ ᠠᠷᠤ ᠠ᠋ᠴᠠ ᠶᠡᠬᠡ ᠴᠡᠷᠢᠭ ᠦ᠋ᠨ ᠥᠭᠦᠯᠡᠭᠰᠡᠨ ᠦᠭᠡ ᠪᠠ ᠲᠡᠭᠦᠨ ᠦ᠌ ᠬᠥᠪᠡᠭᠦᠨ ᠨᠠᠷᠢᠨ ᠭᠡᠭᠡᠨ ᠦ᠌ ᠰᠤᠮᠤ ᠪᠠᠨ ᠵᠦᠯᠭᠦᠵᠦ ᠪᠡᠯᠡᠳᠴᠦ ᠪᠠᠢᠭᠰᠠᠨ ᠬᠢᠭᠡᠳ ᠮᠠᠷᠬᠢᠳᠠᠢ ᠴᠠᠭᠠᠨ᠂ ᠠᠮᠠ ᠴᠠᠭᠠᠨ ᠬᠡᠭᠡᠷ ᠬᠣᠶᠠᠷ ᠮᠣᠷᠢ ᠶ᠋ᠢ ᠪᠠᠷᠢᠵᠤ ᠤᠶᠠ ᠭᠡᠰᠡᠨ ᠪᠦᠬᠦ ᠦᠭᠡ ᠶ᠋ᠢ ᠴᠢᠩᠭᠢᠰ ᠬᠠᠭᠠᠨ ᠳ᠋ᠤ᠌ ᠬᠡᠯᠡᠵᠦ ᠥᠭᠪᠡ ᠃ ᠪᠠᠰᠠ ᠪᠠᠳᠠᠢ ᠬᠢᠰᠢᠯᠢᠭ ᠬᠣᠶᠠᠷ ᠥᠭᠦᠯᠡᠷᠦᠨ᠄
《ᠴᠢᠩᠭᠢᠰ ᠬᠠᠭᠠᠨ ᠰᠣᠶᠣᠷᠬᠠᠪᠠᠯ᠂ ᠪᠢᠳᠡᠨ ᠦ᠌ ᠦᠭᠡᠨ ᠳ᠋ᠦ᠍ ᠡᠷᠡᠭᠡᠯᠵᠡᠬᠦ ᠶᠠᠪᠤᠳᠠᠯ ᠦᠭᠡᠢ᠂ ᠬᠠᠮᠤᠷᠤᠨ ᠢᠷᠡᠵᠦ ᠲᠠᠨ ᠢ᠋ ᠪᠠᠷᠢᠶ᠎ᠠ ᠭᠡᠵᠦ ᠬᠡᠯᠡᠯᠴᠡᠵᠦ ᠲᠣᠭᠲᠠᠭᠰᠠᠨ ᠨᠢ ᠮᠠᠭᠠᠳ ᠲᠠᠢ ᠦᠨᠡᠨ》 ᠭᠡᠪᠡ᠃

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг