ᠪᠠᠲᠤ ᠬᠠᠭᠠᠨ 8-22ᠬᠣᠯᠠ ᠶ᠋ᠢᠨ ᠨᠤᠲᠤᠭ ᠲᠸ᠋-ᠰᠢᠭᠤᠷᠭ᠎ᠠ ᠲᠠᠯᠪᠢᠪᠠBat khaan Бат хаан-ᠷᠣᠮᠠᠨ
ᠬᠣᠷᠢᠨ ᠬᠣᠶᠠᠷ ᠂ ᠬᠣᠯᠠ ᠶ᠋ᠢᠨ ᠨᠤᠲᠤᠭ ᠲᠸ᠋
ᠨᠠᠰᠤᠲᠠᠢ ᠨᠠᠽᠠᠷ— ᠺᠢᠶᠠᠷᠢᠽᠸᠺ ᠨᠤᠲᠤᠭ ᠲᠠᠭᠠᠨ ᠪᠤᠴᠠᠬᠤ ᠶ᠋ᠢ ᠬᠦᠰᠡᠭᠰᠡᠨ ᠰᠢᠷᠬᠠᠲᠠᠨ ᠺᠢᠫᠴᠠᠺ ᠪᠠ ᠤᠢᠭᠤᠷ ᠬᠥᠮᠦᠰ ᠦ᠋ᠨ ᠬᠠᠮᠲᠤ ᠪᠠᠲᠤ ᠬᠠᠭᠠᠨ ᠤ᠋ ᠰᠢᠪᠰᠢᠭᠲᠡᠢ ᠥᠷᠥᠭᠡᠨ ᠡᠴᠡ ᠶᠠᠪᠤᠵᠤ ᠣᠳᠪᠠ᠃
ᠲᠡᠳᠡ ᠪᠠᠲᠤ ᠬᠠᠭᠠᠨ ᠤ᠋ ᠶᠠᠪᠤᠵᠤ ᠥᠩᠭᠡᠷᠡᠭᠰᠡᠨ ᠮᠥᠨ ᠲᠡᠷᠡ ᠵᠠᠮ ᠢ᠋ᠶ᠋ᠠᠷ ᠪᠤᠴᠠᠵᠤ ᠳᠥᠷᠪᠡᠨ ᠰᠠᠷ᠎ᠠ ᠪᠣᠯᠤᠭᠠᠳ ᠨᠠᠮᠤᠷ ᠤ᠋ᠨ ᠡᠬᠢᠨ ᠢ᠋ᠶ᠋ᠡᠷ ᠰᠢᠬ᠌ᠨᠠᠺ ᠲᠤ᠌ ᠬᠦᠷᠴᠦ ᠢᠷᠡᠵᠡᠢ᠃ ᠬᠣᠲᠠ ᠶ᠋ᠢᠨ ᠪᠠ ᠣᠢᠷ᠎ᠠ ᠬᠠᠪᠢ ᠶ᠋ᠢᠨ ᠨᠤᠲᠤᠭ ᠤ᠋ᠨ ᠡᠮᠡᠭᠲᠡᠢᠴᠦᠳ ᠥᠪᠡᠷ ᠦ᠋ᠨ ᠣᠢᠷ᠎ᠠ ᠳᠣᠲᠣᠨᠣ ᠶ᠋ᠢᠨ ᠬᠥᠮᠦᠰ ᠢ᠋ ᠬᠦᠯᠢᠶᠡᠵᠦ᠂ ᠪᠠᠷᠠᠭᠤᠨ ᠠ᠋ᠴᠠ ᠢᠷᠡᠬᠦ ᠵᠠᠮ ᠤ᠋ᠳ ᠳᠡᠭᠡᠷ᠎ᠡ ᠠᠯᠢ ᠬᠡᠳᠦᠢᠨᠡᠢ ᠵᠣᠭᠰᠣᠵᠤ ᠪᠠᠢᠪᠠ᠃
ᠨᠠᠽᠠᠷ ᠤ᠋ᠨ ᠭᠡᠷᠭᠡᠢ ᠨᠠᠰᠤᠲᠠᠢ ᠺᠢᠽ一ᠲᠦᠭᠮᠡᠰ ᠪᠠᠭ᠎ᠠ ᠬᠦᠦ ᠲᠤᠷᠭᠠᠩ ᠪᠠ ᠳᠥᠷᠪᠡᠨ ᠪᠡᠷᠢ ᠨᠦ᠍ᠭᠦᠳ ᠦ᠋ᠨ ᠬᠠᠮᠲᠤ ᠥᠪᠡᠷ ᠦ᠋ᠨ ᠭᠡᠷ ᠦ᠋ᠨ ᠭᠠᠳᠠᠨ᠎ᠠ ᠵᠣᠭᠰᠣᠵᠤ ᠪᠠᠢᠵᠠᠢ᠃ ᠲᠡᠳᠡ ᠢᠷᠡᠵᠦ ᠶᠠᠪᠤᠭ᠎ᠠ ᠮᠣᠷᠢᠲᠠᠢ ᠬᠥᠮᠦᠰ ᠦ᠋ᠨ ᠬᠠᠷ᠎ᠠ ᠪᠣᠯᠲᠠᠯ᠎ᠠ ᠭᠠᠩᠳᠠᠭᠰᠠᠨ ᠨᠢᠭᠤᠷ ᠤ᠋ᠳ ᠢ᠋ ᠰᠢᠷᠳᠡᠨ ᠬᠠᠷᠠᠵᠠᠭᠠᠵᠤ ᠪᠠᠢᠪᠠ᠃
ᠨᠢᠭᠡᠨ ᠥᠨᠳᠥᠷ ᠰᠢᠷ᠎ᠠ ᠲᠡᠮᠡᠭᠡ ᠶᠡᠬᠡᠮᠰᠦᠭ ᠠᠯᠬᠤᠭ᠎ᠠ ᠪᠠᠷ ᠭᠡᠷ ᠦ᠋ᠨ ᠵᠦᠭ ᠲᠦ᠍ ᠣᠢᠷᠠᠲᠤᠨ ᠢᠷᠡᠬᠦ ᠳ᠋ᠦ᠍ ᠲᠡᠭᠦᠨ ᠦ᠌ ᠬᠣᠢᠨ᠎ᠠ ᠠ᠋ᠴᠠ ᠬᠡᠪᠢᠰ ᠢ᠋ᠶ᠋ᠡᠷ ᠬᠤᠴᠢᠭᠰᠠᠨ ᠡᠮᠡᠭᠡᠯ ᠲᠡᠢ ᠳᠥᠷᠪᠡᠨ ᠮᠣᠷᠢ ᠠᠢᠰᠤᠢ ᠶᠠᠪᠤᠨ᠎ᠠ᠃ ᠲᠡᠮᠡᠭᠡᠨ ᠳᠡᠭᠡᠷ᠎ᠡ ᠠᠷᠤᠭ ᠳᠣᠲᠣᠷ᠎ᠠ ᠭᠣᠶᠣᠮᠰᠣᠭ ᠬᠣᠷᠭᠣᠢ ᠲᠡᠷᠯᠢᠭ ᠲᠡᠢ ᠲᠣᠭᠣᠷᠢᠭ ᠮᠢᠨᠵᠢ ᠶ᠋ᠢᠨ ᠮᠠᠯᠠᠭᠠᠢ ᠲᠠᠢ ᠨᠢᠭᠡᠨ ᠦᠯᠦ ᠲᠠᠨᠢᠭᠳᠠᠬᠤ ᠡᠪᠦᠭᠡᠨ ᠰᠠᠭᠤᠵᠤ ᠶᠠᠪᠤᠬᠤ ᠨᠢ ᠠᠯᠤᠰ ᠤ᠋ᠨ ᠭᠦᠷᠦᠨ ᠦ᠌ ᠡᠯᠴᠢᠨ ᠰᠠᠢᠳ ᠲᠠᠢ ᠠᠳᠠᠯᠢ ᠲᠥᠰᠦᠭᠡᠲᠡᠢ ᠪᠠᠢᠵᠠᠢ᠃ ᠲᠡᠷᠡ ᠬᠥᠮᠦᠨ᠂ ᠭᠠᠷ ᠲᠠᠭᠠᠨ ᠤᠷᠲᠤ ᠬᠥᠯ ᠲᠡᠢ ᠲᠠᠬᠢᠶ᠎ᠠ ᠶ᠋ᠢ ᠪᠠᠷᠢᠵᠤ ᠶᠠᠪᠤᠵᠠᠢ᠃
ᠭᠡᠨᠡᠳᠲᠡ ᠲᠣᠷᠭᠠᠩ ᠬᠦᠦ ᠬᠠᠰᠬᠢᠷᠤᠭᠰᠠᠨ ᠨᠢ᠂
— ᠡᠨᠡ ᠨᠢ ᠲᠠᠲ᠋ᠦ᠋(ᠠᠪᠤ) ᠪᠠᠢᠨ᠎ᠠ ! ᠬᠠᠷᠢᠨ ᠠᠬ᠎ᠠ ᠨᠠᠷ ᠠᠯᠠᠭ᠎ᠠ! ᠭᠡᠪᠡ᠃ ᠺᠢᠽ— ᠲᠦᠭᠮᠡᠰ ᠪᠠ ᠲᠡᠭᠦᠨ ᠦ᠌ ᠪᠡᠷᠢ ᠨᠤᠭᠦᠳ ᠠᠶᠤᠮᠰᠢᠭᠲᠠᠢ ᠴᠢᠩᠭ᠎ᠠ ᠪᠠᠷ ᠪᠠᠷᠬᠢᠷᠠᠵᠤ ᠤᠬᠢᠯᠠᠯᠳᠤᠭᠰᠠᠨ ᠲᠤᠯᠠ ᠠᠢᠯ ᠤ᠋ᠳ ᠤ᠋ᠨ ᠪᠦᠬᠦ ᠬᠥᠮᠦᠰ ᠲᠠᠯ᠎ᠠ ᠲᠠᠯ᠎ᠠ ᠠ᠋ᠴᠠ ᠭᠦᠶᠦᠯᠳᠦᠵᠦ ᠢᠷᠡᠪᠡ᠃ ᠳᠥᠷᠪᠡᠨ ᠮᠣᠷᠢᠨ ᠳ᠋ᠤ᠌ ᠲᠣᠬᠣᠭᠰᠠᠨ ᠰᠤᠯᠠ ᠡᠮᠡᠭᠡᠯ ᠦ᠋ᠳ ᠪᠠ ᠲᠡᠭᠦᠨ ᠦ᠌ ᠳᠡᠭᠡᠷ᠎ᠡ ᠤᠶᠠᠭᠰᠠᠨ ᠨᠠᠽᠠᠷ ᠤ᠋ᠨ ᠬᠥᠪᠡᠭᠦᠳ ᠦ᠋ᠨ ᠲᠠᠬᠢᠷ ᠰᠡᠯᠡᠮ᠎ᠡ ᠨᠤᠭᠦᠳ᠂ ᠪᠦᠭᠦᠳᠡ ᠬᠥᠮᠦᠰ ᠢ᠋ ᠲᠦᠭᠰᠢᠭᠦᠯᠪᠡ᠃ ᠪᠡᠷᠢ ᠨᠤᠭᠦᠳ ᠮᠣᠷᠢᠳ ᠤ᠋ᠨ ᠵᠦᠭ ᠲᠸ᠋ ᠭᠦᠶᠦᠨ ᠣᠴᠢᠵᠠᠭᠠᠵᠤ ᠬᠠᠵᠠᠭᠠᠷ ᠠ᠋ᠴᠠ ᠨᠢ ᠪᠠᠷᠢᠵᠤ ᠠᠪᠴᠠᠭᠠᠭᠠᠳ᠂ ᠭᠠᠰᠢᠭᠤᠳᠠᠨ ᠤᠬᠢᠯᠠᠵᠠᠭᠠᠵᠤ ᠥᠪᠡᠷ ᠦ᠋ᠨ ᠭᠡᠷ ᠦ᠋ᠳ ᠦ᠋ᠨ ᠳᠡᠷᠭᠡᠳᠡ ᠠᠪᠠᠴᠢᠵᠠᠭᠠᠪᠠ᠃
ᠺᠢᠽ— ᠲᠦᠭᠮᠡᠰ᠂ ᠴᠢᠭᠢᠭᠲᠡᠢ ᠭᠠᠵᠠᠷ ᠲᠸ᠋ ᠤᠨᠠᠵᠤ ᠲᠡᠭᠦᠨ ᠢ᠋ ᠬᠤᠷᠤᠭᠤ ᠬᠢᠮᠤᠰᠤ ᠪᠠᠷ ᠢ᠋ᠶ᠋ᠠᠨ ᠮᠠᠯᠲᠠᠵᠤ ᠪᠤᠭᠤᠷᠤᠯ ᠦᠰᠦ ᠪᠡᠨ ᠵᠤᠯᠭᠠᠭᠠᠵᠤ ᠪᠠᠢᠪᠠ᠃
— ᠮᠢᠨᠦ ᠬᠥᠪᠡᠭᠦᠳ ! ᠮᠢᠨᠦ ᠬᠥᠪᠡᠭᠦᠳ ᠬᠠᠮᠢᠭ᠎ᠠ ᠪᠣᠢ? ᠬᠡᠨ ᠲᠡᠳᠡᠨ ᠢ᠋ ᠨᠠᠳᠠᠳᠤ ᠡᠭᠡᠭᠦᠯᠵᠦ ᠥᠭᠬᠦ ᠪᠣᠢ? ᠭᠡᠨ᠎ᠡ᠃
ᠭᠠᠵᠠᠷ ᠨᠤᠲᠤᠭ ᠲᠸ᠋ ᠪᠠᠭᠤᠵᠤ᠂ ᠭᠡᠷᠭᠡᠢ ᠳ᠋ᠡᠭᠡᠨ ᠶᠣᠰᠣᠯᠠᠨ ᠲᠡᠭᠦᠯᠳᠡᠷ ᠬᠡᠯᠡᠭᠰᠡᠨ ᠨᠢ᠂
— ᠥᠪᠡᠷ ᠦ᠋ᠨ ᠡᠷᠡᠯᠬᠡᠭ ᠰᠠᠢᠨ ᠳᠥᠷᠪᠡᠨ ᠬᠦᠦ ᠡᠴᠡ ᠬᠣᠢᠰᠢ ᠴᠤ᠌ ᠴᠢᠨᠦ ᠮᠥᠩᠭᠥᠨ ᠴᠠᠭᠠᠨ ᠪᠤᠭᠤᠷᠤᠯ ᠲᠣᠯᠣᠭᠠᠢ ᠠᠮᠢᠳᠤ ᠪᠠᠢᠨ᠎ᠠ ! ᠭᠡᠳ ᠲᠡᠷᠡ ᠡᠪᠦᠭᠡᠨ ᠬᠣᠷᠭᠣᠢ ᠬᠠᠨᠴᠤᠢ ᠪᠠᠷ ᠨᠢᠳᠦ ᠪᠡᠨ ᠳᠠᠯᠳᠠᠯᠠᠪᠠ᠃
ᠺᠢᠽ— ᠲᠥᠭᠮᠡᠰ ᠭᠡᠨᠡᠳᠲᠡ ᠥᠨᠳᠡᠢᠵᠦ ᠪᠣᠰᠤᠭᠠᠳ᠂
— ᠮᠢᠨᠦ ᠬᠦᠦ ᠮᠦᠰᠤᠢ᠍ᠺ ᠬᠠᠮᠢᠭ᠎ᠠ ᠪᠣᠢ? ᠴᠢ ᠲᠡᠭᠦᠨ ᠦ᠌ ᠲᠤᠬᠠᠢ ᠯᠠ ᠲᠤᠭᠤᠯᠤᠭᠰᠠᠨ ᠤᠤ? ᠭᠡᠵᠦ ᠠᠰᠠᠭᠤᠪᠠ᠃
ᠨᠠᠽᠠᠷ ᠬᠥᠮᠥᠰᠬᠡ ᠪᠡᠨ ᠵᠠᠩᠭᠢᠳᠴᠤ ᠨᠢᠭᠡ ᠶᠠᠭᠤᠮ᠎ᠠ ᠰᠠᠨᠠᠭᠠᠨ ᠳ᠋ᠤᠨᠢ ᠣᠷᠣᠭᠰᠠᠨ ᠮᠡᠲᠦ ᠶᠡᠷᠦ ᠴᠢᠮᠡᠭᠡ ᠦᠭᠡᠢ ᠵᠣᠭᠰᠣᠵᠤ ᠪᠠᠢᠭᠠᠳ ᠳᠠᠷᠠᠭ᠎ᠠ ᠨᠢ ᠬᠥᠬᠡ ᠪᠤᠭᠤᠷᠤᠯ ᠰᠠᠬᠠᠯ ᠢ᠋ᠶ᠋ᠠᠨ ᠭᠠᠷ ᠢ᠋ᠶ᠋ᠠᠷ ᠢᠯᠢᠵᠦ ᠶᠡᠬᠡᠮᠰᠦᠭ ᠬᠡᠯᠡᠭᠰᠡᠨ ᠨᠢ᠄
— ᠮᠥᠰᠦᠺ ᠨᠡᠷ᠎ᠡ ᠶ᠋ᠢ ᠪᠢ ᠥᠭᠭᠦᠭᠰᠡᠨ ᠶᠤᠮ᠂ ᠬᠠᠷᠢᠨ ᠤᠷᠲᠤ ᠨᠠᠰᠤ ᠶ᠋ᠢ ᠨᠢ ᠠᠯᠠᠯᠾ ᠪᠤᠷᠬᠠᠨ ᠥᠭᠲᠦᠭᠡᠢ! ᠭᠡᠪᠡ᠃
ᠠᠢᠯ ᠤ᠋ᠨ ᠡᠮᠡᠭᠲᠡᠢᠴᠦᠳ ᠢᠷᠡᠵᠦ ᠺᠢᠽ— ᠲᠦᠭᠮᠡᠰ ᠢ᠋ ᠥᠨᠳᠡᠢᠯᠭᠡᠵᠦ᠂ ᠭᠡᠷ ᠲᠤᠨᠢ ᠣᠷᠣᠭᠤᠯᠪᠠ᠃ ᠲᠡᠳᠡ ᠪᠠᠷᠠᠭᠤᠨ ᠵᠦᠭ ᠲᠦ᠍ ᠶᠠᠪᠤᠭᠰᠠᠨ ᠶᠡᠬᠡ ᠠᠶᠠᠯᠠᠯ ᠳ᠋ᠤ᠌ ᠦᠬᠦᠭᠰᠡᠨ ᠺᠢᠫᠴᠠᠺ ᠤ᠋ᠨ ᠳᠥᠷᠪᠡᠨ ᠡᠷᠡᠯᠬᠡᠭ ᠪᠠᠭᠠᠲᠤᠷ ᠳ᠋ᠸᠮᠢᠷ᠂ ᠪᠦᠷᠢ— ᠪᠠᠢ᠂ ᠶᠠᠨᠲ᠋ᠠᠺ᠂ ᠺᠯᠢᠴᠢ— ᠨᠢᠶᠡᠽ ᠨᠠᠷ ᠤ᠋ᠨ ᠬᠣᠢᠨ᠎ᠠ ᠠ᠋ᠴᠠ ᠭᠠᠰᠢᠭᠤᠳᠠᠵᠤ᠂ ᠤᠢᠳᠬᠠᠷᠲᠠᠢ ᠳᠠᠭᠤᠤ ᠨᠤᠭᠤᠳ ᠢ᠋ ᠠᠶᠠᠯᠤᠨ᠂ ᠡᠮᠦᠰᠴᠦ ᠶᠠᠪᠤᠭ᠎ᠠ ᠬᠤᠪᠴᠠᠰᠤ ᠪᠠᠨ ᠤᠷᠠᠬᠤ᠂ ᠬᠠᠴᠠᠷ ᠢ᠋ᠶ᠋ᠠᠨ ᠮᠠᠭᠠᠵᠢᠬᠤ ᠵᠡᠷᠭᠡ ᠪᠡᠷ ᠥᠨᠥᠬᠢ ᠡᠮᠡᠭᠡᠨ ᠦ᠌ ᠰᠡᠳᠬᠢᠯ ᠢ᠋ ᠵᠠᠰᠠᠬᠤ ᠪᠠᠷ ᠴᠢᠳᠠᠬᠤ ᠴᠢᠨᠡᠭᠡ ᠪᠡᠷ ᠤᠷᠤᠯᠳᠤᠵᠤ ᠪᠠᠢᠪᠠ᠃
— ᠬᠠᠷᠢᠨ ᠠᠷᠢᠭᠤᠨ ᠣᠯᠵᠠ ᠴᠢᠨᠢ ᠬᠠᠮᠢᠭ᠎ᠠ ᠪᠠᠢᠨ᠎ᠠ ᠪᠣᠢ? ᠭᠡᠵᠦ ᠠᠢᠯ ᠤ᠋ᠨ ᠬᠥᠮᠦᠰ ᠠᠰᠠᠭᠤᠵᠤ ᠪᠠᠢᠪᠠ᠃
— ᠮᠢᠨᠦ ᠣᠯᠵᠠ ᠤᠤ ? ᠵᠠ᠁ ᠬᠠᠮᠢᠭ᠎ᠠ ᠪᠠᠢᠨ᠎ᠠ ᠭᠡᠵᠦ ᠤᠤ? ᠬᠠᠷᠢᠨ ᠪᠠᠶᠠᠨᠳ᠋ᠸᠷ ᠬᠠᠭᠠᠨ ᠣᠳᠣ ᠣᠯᠠᠨ ᠪᠣᠭᠣᠯ ᠲᠠᠢ ᠪᠣᠯᠤᠭᠰᠠᠨ ᠪᠥᠭᠡᠳ ᠲᠡᠳᠡ ᠲᠡᠭᠦᠨ ᠦ᠌ ᠠᠷᠢᠭᠤᠨ ᠣᠯᠵᠠ ᠶ᠋ᠢ ᠠᠴᠢᠭᠰᠠᠨ ᠣᠯᠠᠨ ᠶᠡᠬᠡ ᠲᠡᠮᠡᠭᠡᠨ ᠵᠢᠩ ᠢ᠋ ᠬᠥᠲᠥᠯᠵᠦ ᠶᠠᠪᠤᠨ᠎ᠠ᠃ᠬᠠᠷᠢᠨ ᠪᠢ᠁ ᠪᠢ ᠪᠣᠯ ᠬᠠᠭᠠᠨ ᠰᠢᠦ ᠳ᠋ᠠ! ᠭᠡᠪᠡ᠃
ᠦᠳᠡᠰᠢ ᠪᠡᠷ ᠤᠷᠲᠤ ᠬᠥᠯ ᠲᠡᠢ ᠰᠡᠷᠢᠭᠦᠯ ᠦ᠋ᠨ ᠲᠠᠬᠢᠶ᠎ᠠ ᠪᠠᠷ ᠬᠢᠭᠰᠡᠨ ᠪᠤᠳᠠᠭ᠎ᠠ ᠲᠠᠢ ᠬᠠᠭᠤᠷᠤᠭᠠ ᠶ᠋ᠢᠨ ᠳᠠᠷᠠᠭ᠎ᠠ ᠨᠠᠽᠠᠷ᠂ ᠬᠠᠭᠤᠴᠢᠨ ᠭᠡᠷ ᠦ᠋ᠨ ᠡᠭᠦᠳᠡᠨ ᠦ᠌ ᠳᠡᠷᠭᠡᠳᠡ ᠮᠣᠷᠢᠨ ᠤ᠋ ᠲᠣᠬᠣᠮ ᠳᠡᠪᠢᠰᠴᠦ ᠰᠠᠭᠤᠪᠠ᠃ ᠡᠷᠭᠢᠨ ᠲᠣᠭᠣᠷᠢᠨ ᠺᠢᠫᠴᠠᠺ ᠤ᠋ᠳ ᠰᠢᠬᠠᠴᠠᠯᠳᠤᠵᠤ᠂ ᠶᠡᠬᠡ ᠴᠢᠩᠭᠢᠰ ᠬᠠᠭᠠᠨ ᠤ᠋ ᠠᠴᠢ ᠬᠦᠦ ᠪᠥᠭᠡᠳ ᠵᠥᠴᠢ ᠶ᠋ᠢᠨ ᠬᠦᠦ ᠵᠣᠷᠢᠭᠲᠤ ᠵᠠᠯᠠᠭᠤ ᠵᠠᠩᠵᠤᠨ ᠪᠠᠲᠤ ᠬᠠᠭᠠᠨ ᠳ᠋ᠤ᠌ ᠳᠠᠭᠠᠭᠤᠯᠤᠭᠳᠠᠵᠤ ᠣᠷᠣᠭᠰᠠᠨ ᠪᠥᠭᠡᠳ ᠳᠡᠯᠭᠡᠷ ᠶᠡᠬᠡ ᠤᠰᠤᠲᠠᠢ ᠢᠵᠢᠯ ᠮᠥᠷᠡᠨ ᠦ᠌ ᠴᠠᠭᠠᠨ᠎ᠠ ᠠᠵᠤ ᠲᠥᠷᠥᠵᠦ ᠠᠮᠢᠳᠤᠷᠠᠨ ᠰᠠᠭᠤᠬᠤ ᠬᠠᠴᠢᠨ ᠰᠣᠨᠢᠨ ᠦᠨᠳᠦᠰᠦᠲᠡᠨ ᠨᠠᠷ ᠤ᠋ᠨ ᠲᠤᠬᠠᠢ ᠨᠠᠽᠠᠷ ᠤ᠋ᠨ ᠶᠠᠷᠢᠬᠤ ᠶ᠋ᠢ ᠰᠢᠮᠳᠠᠨ ᠰᠣᠨᠣᠰᠴᠤ ᠪᠢᠯᠡ᠃
ᠬᠠᠳ᠋ᠵᠢ ᠷᠡᡁᠢᠮ ( ᠦ᠋ᠨ ) 《 ᠵᠠᠮ ᠤ᠋ᠨ ᠲᠡᠮᠳᠡᠭᠯᠡᠯ ᠦ᠋ᠳ 》 ᠡᠴᠡ ᠠᠪᠤᠭᠰᠠᠨ ᠬᠡᠰᠡᠭ ᠥᠭᠦᠯᠡᠪᠦᠷᠢ᠄ ᠣᠷᠣᠰ ᠤ᠋ᠳ ᠤ᠋ᠨ ᠲᠠᠷᠢᠶᠠᠯᠠᠩ ᠤ᠋ᠨ ᠭᠠᠵᠠᠷ ᠲᠤ᠌ ᠴᠤ᠌᠂ ᠲᠡᠳᠡᠨ ᠦ᠌ ᠭᠦᠨ ᠶᠡᠬᠡ ᠣᠢ ᠬᠥᠪᠴᠢ ᠶ᠋ᠢᠨ ᠳᠤᠮᠳᠠ ᠴᠤ᠌᠂ ᠺᠢᠫᠴᠠᠺ ᠤ᠋ᠨ ᠠᠭᠤᠳᠠᠮ ᠴᠡᠯᠭᠡᠷ ᠲᠠᠯ᠎ᠠ ᠳ᠋ᠤ᠌ ᠴᠤ᠌ ᠮᠣᠩᠭᠣᠯ ᠤ᠋ᠨ ᠴᠢᠰᠤ ᠶᠡᠬᠡᠪᠡᠷ ᠠᠰᠬᠠᠷᠠᠵᠠᠢ᠃ ᠨᠡᠭᠦᠳᠡᠯᠴᠢᠨ ᠠᠢᠮᠠᠭ ᠤ᠋ᠳ ᠤ᠋ᠨ ᠡᠨᠡᠷᠢᠯ ᠦᠭᠡᠢ ᠴᠡᠷᠢᠭ ᠢ᠋ ᠡᠰᠡᠷᠭᠦᠴᠡᠭᠰᠡᠨ ᠡᠩ ᠦ᠋ᠨ ᠨᠣᠮᠣᠬᠠᠨ ᠤᠯᠤᠰ ᠲᠦᠮᠡᠨ ᠦ᠌ ᠴᠢᠰᠤ ᠢᠯᠡᠭᠦᠦ ᠶᠡᠬᠡᠪᠡᠷ ᠠᠰᠬᠠᠷᠠᠵᠠᠢ᠃ ᠡᠨᠡ ᠪᠣᠯ ᠮᠣᠩᠭᠣᠯ ᠤ᠋ᠨ ᠨᠡᠷ᠎ᠡ ᠶ᠋ᠢ ᠶᠡᠬᠡᠮᠰᠦᠭ ᠪᠠ ᠠᠶᠤᠮᠰᠢᠭ ᠰᠦᠷᠲᠡᠢ ᠪᠣᠯᠭᠠᠬᠤ ᠶ᠋ᠢᠨ ᠲᠥᠯᠥᠭᠡ ᠬᠢᠭᠳᠡᠵᠦ ᠪᠠᠢᠵᠠᠢ᠃
ᠪᠣᠯᠭᠠᠷᠢ᠂ ᠣᠷᠣᠰ᠂ ᠪᠦᠷᠳ᠋ᠦᠢ᠍ᠰ ᠨᠠᠷ ᠤ᠋ᠨ ᠵᠡᠷᠭᠡ ᠪᠤᠰᠤᠳ ᠤᠮᠠᠷᠠᠲᠤ ᠭᠠᠵᠠᠷ ᠤ᠋ᠳ ᠤ᠋ᠨ ᠤᠯᠤᠰ ᠦᠨᠳᠦᠰᠦᠲᠡᠨ ᠨᠦ᠍ᠭᠦᠳ ᠦ᠋ᠨ ᠨᠤᠲᠤᠭ ᠢ᠋ ᠪᠠᠢᠯᠳᠤᠨ ᠡᠵᠡᠯᠡᠬᠦ ᠶ᠋ᠢᠨ ᠲᠤᠯᠠ ᠶᠠᠪᠤᠭᠰᠠᠨ ᠵᠠᠩᠵᠤᠨ ᠪᠠᠲᠤ ᠬᠠᠭᠠᠨ ᠤ᠋ ᠠᠩᠬᠠᠨ ᠤ᠋ ᠠᠶᠠᠨ ᠲᠡᠢᠨ ᠪᠣᠯ ᠺᠢᠫᠴᠠᠺ ᠤ᠋ᠨ ᠲᠠᠯ᠎ᠠ ᠳ᠋ᠤ᠌ ᠪᠤᠴᠠᠵᠤ ᠣᠴᠢᠭᠰᠠᠨ ᠶᠠᠪᠤᠳᠠᠯ ᠢ᠋ᠶ᠋ᠠᠷ ᠲᠡᠭᠦᠰᠬᠡᠯ ᠪᠣᠯᠵᠠᠢ᠃
ᠭᠡᠪᠡᠴᠦ ᠴᠢᠩᠭᠢᠰ ᠬᠠᠭᠠᠨ ᠤ᠋ ᠠᠴᠢ ᠬᠦᠦ ᠡᠨᠡ ᠵᠠᠯᠠᠭᠤ ᠵᠠᠩᠵᠤᠨ ᠤ᠋ ᠰᠡᠳᠦᠪᠯᠡᠭᠰᠡᠨ ᠠᠶᠤᠮᠰᠢᠭᠲᠤ ᠰᠠᠨᠠᠭ᠎ᠠ ᠡᠭᠦᠨ ᠢ᠋ᠶ᠋ᠡᠷ ᠬᠢᠵᠠᠭᠠᠷᠯᠠᠭᠳᠠᠭᠰᠠᠨ ᠦᠭᠡᠢ᠃ ᠪᠠᠲᠤ ᠬᠠᠭᠠᠨ᠂ ᠺᠢᠫᠴᠠᠺ ᠤ᠋ᠨ ᠲᠠᠯ᠎ᠠ ᠳ᠋ᠤ᠌ ᠬᠣᠶᠠᠷ ᠵᠢᠯ ᠪᠠᠢᠵᠠᠨᠠᠭᠠᠳ ᠠᠶᠠᠨ ᠲᠡᠢᠨ ᠳ᠋ᠦ᠍ ᠡᠴᠡᠵᠦ ᠲᠤᠷᠠᠭᠰᠠᠨ ᠮᠣᠩᠭᠣᠯ ᠮᠣᠷᠢᠳ ᠢ᠋ ᠲᠡᠩᠬᠡᠷᠡᠭᠦᠯᠦᠭᠡᠳ᠂ ᠥᠪᠡᠷ ᠦ᠋ᠨ ᠢ᠋ᠶ᠋ᠡᠨ ᠮᠠᠰᠢ ᠶᠡᠬᠡ ᠴᠡᠷᠢᠭ ᠢ᠋ᠶ᠋ᠡᠷ ᠤᠯᠠᠮ ᠶᠡᠬᠡ ᠳᠣᠩᠰᠣᠯᠭᠠᠭᠰᠠᠨ ᠰᠢᠨ᠎ᠡ ᠳᠣᠪᠲᠣᠯᠭᠠᠨ ᠢ᠋ ᠳᠠᠬᠢᠨ ᠪᠠᠷᠠᠭᠤᠨ ᠵᠦᠭ ᠲᠦ᠍ ᠬᠢᠭᠰᠡᠨ ᠨᠢ ᠠᠩᠬ᠎ᠠ ᠲᠡᠷᠢᠭᠦᠨ ᠳ᠋ᠦ᠍ ᠣᠷᠣᠰ ᠤ᠋ᠨ ᠠᠯᠲᠠᠨ ᠣᠷᠣᠢᠲᠤ ᠬᠣᠲᠠ ᠺᠢᠸᠸ᠂ ᠳᠠᠷᠠᠭ᠎ᠠ ᠨᠢ ᠴᠠᠰᠢ ᠨᠠᠷᠠ ᠰᠢᠩᠭᠡᠬᠦ ᠵᠦᠭ ᠦ᠋ᠨ ᠣᠷᠣᠨ ᠨᠤᠭᠤᠳ ᠢ᠋ ᠳᠣᠪᠲᠣᠯᠵᠤ ᠲᠡᠳᠡᠭᠡᠷ ᠲᠦ᠍ ᠠᠶᠤᠯ ᠬᠥᠨᠥᠭᠡᠯ ᠪᠠ ᠦᠢᠮᠡᠭᠡᠨ ᠰᠠᠮᠠᠭᠤᠨ ᠢ᠋ ᠤᠴᠠᠷᠠᠭᠤᠯᠵᠠᠢ᠃
ᠭᠡᠪᠡᠴᠦ ᠡᠨᠡ ᠪᠦᠬᠦᠨ ᠦ᠌ ᠲᠤᠬᠠᠢ ᠪᠢ ᠥᠭᠡᠷ᠎ᠡ ᠨᠢᠭᠡ ᠳᠡᠪᠲᠡᠷ ᠲᠦ᠍ ᠪᠢᠴᠢᠭᠰᠡᠨ ᠪᠥᠭᠡᠳ ᠰᠣᠨᠢᠷᠬᠠᠨ ᠪᠦᠬᠦᠢ ᠤᠩᠰᠢᠭᠴᠢᠳ ᠲᠡᠭᠦᠨ ᠢ᠋ ᠦᠵᠡᠬᠦ ᠪᠣᠯᠪᠠᠤ ᠭᠡᠳ ᠳᠦᠷᠡᠯᠵᠡᠨ ᠰᠢᠲᠠᠬᠤ ᠲᠡᠢᠨ ᠦ᠌ ᠭᠠᠯ ᠠ᠋ᠴᠠ ᠤᠯᠤᠰ ᠲᠦᠮᠡᠨ ᠳ᠋ᠦ᠍ ᠤᠴᠠᠷᠠᠬᠤ ᠲᠡᠷᠡ ᠵᠣᠪᠠᠯᠠᠩ ᠦᠭᠡᠢ ᠪᠡᠷ ᠡᠩᠬᠡ ᠲᠦᠪᠰᠢᠨ ᠪᠥᠭᠡᠳ ᠤᠷᠲᠤ ᠤᠳᠠᠭᠠᠨ ᠠᠮᠢᠳᠤᠷᠠᠬᠤ ᠶ᠋ᠢ ᠲᠡᠳᠡᠨ ᠳ᠋ᠦ᠍ ᠢᠷᠥᠭᠡᠶ᠎ᠡ᠁》
( ᠮᠣᠩᠭᠣᠯ ᠰᠢᠨ᠎ᠡ ᠦᠰᠦᠭ ᠡᠴᠡ ᠪᠠᠭᠤᠯᠭᠠᠭᠰᠠᠨ ᠨᠢ ᠮᠠᠰᠢ᠂ ᠬᠢᠨᠠᠭᠰᠠᠨ ᠨᠢ ᠭᠣᠨᠴᠣᠭᠰᠡᠷᠡᠩ )
ᠦᠰᠦᠭ ᠠᠮᠢᠯᠠᠭᠤᠯᠤᠭᠴᠢ᠄ ᠬᠡᠷᠡᠢᠳ ᠂ ᠮᠥᠩᠬᠡᠨᠠᠰᠤᠨ 2 ᠬᠠᠭᠤᠳᠠᠰᠤ᠂ ᠬᠦᠦᠳᠠᠭᠠᠭᠤᠯ 1 ᠬᠠᠭᠤᠳᠠᠰᠤ᠂ ᠮᠡᠷᠭᠡᠨᠭᠣᠸ᠎ᠠ 1 ᠬᠠᠭᠤᠳᠠᠰᠤ᠂ ᠪᠠᠶᠡᠨᠴᠡᠴᠡᠭ 1 ᠬᠠᠭᠤᠳᠠᠰᠤ᠂ ᠭᠡᠷᠡᠯ 1 ᠬᠠᠭᠤᠳᠠᠰᠤ᠂ ᠡᠷᠳᠡᠨᠢᠭᠣᠸ᠎ᠠ 1 ᠬᠠᠭᠤᠳᠠᠰᠤ ᠂ ᠤᠰᠬᠠᠯ 1 ᠬᠠᠭᠤᠳᠠᠰᠤ ᠂ ᠡᠵᠡᠨ᠎ᠡ 1 ᠬᠠᠭᠤᠳᠠᠰᠤ
ᠬᠢᠨᠠᠭᠴᠢ᠄ ᠪᠠᠯ 2 ᠬᠠᠭᠤᠳᠠᠰᠤ᠂ ᠲ᠂ ᠬᠦᠮᠦᠵᠢᠯᠲᠦ 2 ᠬᠠᠭᠤᠳᠠᠰᠤ
ᠶᠡᠷᠦᠩᠬᠡᠢ ᠬᠢᠨᠠᠭᠴᠢ᠄ ᠠᠯᠲᠠᠨᠴᠢᠮᠡᠭ 9 ᠬᠠᠭᠤᠳᠠᠰᠤ᠂ ᠠᠷᠢᠭᠤᠨ 9 ᠬᠠᠭᠤᠳᠠᠰᠤ
ᠬᠣᠢᠨᠠᠬᠢ ᠲᠡᠮᠳᠡᠭᠯᠡᠯ᠄
1. ᠵᠣᠬᠢᠶᠠᠯᠴᠢ ᠸ᠂ ᠶᠠᠨᠴᠸᠸᠢᠼᠺᠸ ᠤ᠋ᠨ ᠵᠣᠬᠢᠶᠠᠭᠰᠠᠨ 678 ᠬᠠᠭᠤᠳᠠᠰᠤ ᠲᠠᠢ《 ᠪᠠᠲᠤ ᠬᠠᠭᠠᠨ 》 ᠭᠡᠬᠦ ᠷᠣᠮᠠᠨ ᠢ᠋ 2025 ᠣᠨ ᠤ᠋ 7 ᠰᠠᠷ᠎ᠠ ᠶ᠋ᠢᠨ 17 ᠠ᠋ᠴᠠ ᠡᠬᠢᠯᠡᠨ ᠣᠶᠤᠨ ᠪᠢᠴᠢᠭᠯᠡᠭᠦᠷ ᠢ᠋ᠶ᠋ᠡᠷ ᠭᠠᠷ ᠤᠲᠠᠰᠤᠨ ᠳ᠋ᠤ᠌ ᠬᠠᠭᠤᠯᠤᠨ ᠪᠢᠴᠢᠭᠡᠳ ᠪᠦᠬᠦᠯᠢ 5 ᠰᠠᠷ᠎ᠠ ᠶ᠋ᠢᠨ ᠬᠤᠭᠤᠴᠠᠭ᠎ᠠ ᠵᠠᠷᠤᠴᠠᠭᠤᠯᠤᠨ ᠳᠠᠭᠤᠰᠬᠠᠪᠠ᠃
2᠂ ᠬᠠᠭᠤᠯᠤᠨ ᠪᠢᠴᠢᠬᠦ ᠳ᠋ᠦ᠍ ᠪᠠᠷᠢᠮᠲᠠᠯᠠᠭᠰᠠᠨ ᠵᠠᠷᠴᠢᠮ᠄
一 ᠨᠣᠮ ᠬᠡᠪᠯᠡᠭᠳᠡᠬᠦ ᠦᠶᠡᠰ ᠦ᠋ᠨ ᠪᠢᠴᠢᠯᠭᠡ ᠶ᠋ᠢ ᠮᠥᠷᠳᠡᠵᠦ ᠬᠠᠭᠤᠯᠪᠠ᠃
一 ᠺᠣᠮᠫᠢᠦ᠋ᠲ᠋ᠧᠷ ᠢ᠋ᠶ᠋ᠡᠷ ᠨᠡᠢᠲᠡᠯᠡᠬᠦ ᠦᠶᠡᠰ ᠤᠯᠠᠭᠠᠨ ᠮᠥᠷ ᠨᠢ ᠡᠮᠦᠨᠡᠬᠢ ᠦᠰᠦᠭ ᠲᠡᠢ ᠪᠡᠨ ᠵᠠᠯᠭᠠᠯᠳᠤᠨ ᠢᠯᠡᠷᠡᠬᠦ ᠲᠤᠯᠠ 345 ᠳ᠋ᠤᠭᠠᠷ ᠬᠠᠭᠤᠳᠠᠰᠤᠨ ᠠ᠋ᠴᠠ ᠡᠬᠢᠯᠡᠵᠦ᠂ ᠨᠢᠭᠡ ᠮᠥᠷ ᠦ᠋ᠨ ᠬᠣᠭᠣᠰᠣᠨ ᠵᠠᠢ ᠦᠯᠡᠳᠡᠭᠡᠵᠦ᠂ ᠤᠯᠠᠭᠠᠨ ᠮᠥᠷ ᠪᠦᠬᠦᠢ ᠪᠠᠳᠠᠭ ᠢ᠋ ᠰᠢᠭᠤᠳ ᠳᠡᠭᠡᠷ᠎ᠡ ᠲᠠᠯ᠎ᠠ ᠠ᠋ᠴᠠ ᠨᠢ ᠪᠢᠴᠢᠪᠡ᠃
一 ᠲᠡᠰᠢᠶ᠎ᠡ ᠦᠰᠦᠭ ᠢ᠋ ᠰᠢᠭᠤᠳ ᠵᠠᠯᠠᠷᠠᠭᠤᠯᠤᠨ ᠪᠢᠴᠢᠪᠡ᠃
一 ᠨᠠᠢᠷᠠᠭᠤᠯᠭ᠎ᠠ ᠮᠠᠭᠤᠲᠠᠢ ᠥᠭᠦᠯᠡᠪᠦᠷᠢ ᠳ᠋ᠦ᠍ ᠴᠡᠭ ᠲᠡᠮᠳᠡᠭ᠂ ᠳᠠᠭᠠᠪᠤᠷᠢ᠂ ᠨᠢᠭᠡ ᠬᠣᠶᠠᠷ ᠦᠰᠦᠭ ᠨᠡᠮᠡᠵᠦ ᠪᠢᠴᠢᠭᠡᠳ ᠬᠠᠭᠠᠯᠲᠠᠨ ᠳ᠋ᠤ᠌ ᠬᠢᠪᠡ᠃
一 ᠠᠳᠠᠯᠢ ᠦᠰᠦᠭ ᠦ᠋ᠨ ᠨᠢᠭᠡᠳᠦᠯ ᠦᠭᠡᠢ ᠪᠢᠴᠢᠯᠭᠡ ᠶ᠋ᠢ ᠡᠮᠦᠨᠡᠬᠢ ᠪᠡᠷ ᠨᠢ ᠪᠠᠷᠢᠮᠵᠢᠶᠠᠯᠠᠨ ᠪᠢᠴᠢᠪᠡ᠃
一 ᠲᠡᠮᠳᠡᠭ ᠦᠭᠡ ᠶ᠋ᠢᠨ 《 ᠲᠡᠢ 》 ᠳᠠᠭᠠᠪᠤᠷᠢ᠂ ᠨᠡᠢᠯᠡᠭᠦᠯᠦᠭᠰᠡᠨ ᠪᠤᠶᠤ ᠰᠠᠯᠭᠠᠭᠰᠠᠨ ᠬᠡᠯᠪᠡᠷᠢ ᠪᠡᠷ ᠣᠯᠠᠨᠲᠠ ᠢᠯᠡᠷᠡᠭᠰᠡᠨ ᠢ᠋ ᠨᠢᠭᠡᠳᠦᠯᠵᠢᠭᠦᠯᠵᠦ ᠪᠢᠴᠢᠵᠦ ᠴᠢᠳᠠᠭᠰᠠᠨ ᠦᠭᠡᠢ᠃
一 ᠵᠠᠷᠢᠮ ᠡᠭᠡᠳᠡᠷᠡᠭᠡᠨᠲᠠᠢ ᠦᠰᠦᠭ ᠢ᠋ ᠣᠢᠯᠠᠭᠠᠭᠰᠠᠨ ᠬᠢᠷᠢ ᠪᠡᠷ᠂ ᠤᠳᠬ᠎ᠠ ᠪᠦᠬᠦᠢ ᠦᠰᠦᠭ ᠢ᠋ ᠬᠠᠭᠠᠯᠲᠠᠨ ᠳ᠋ᠤ᠌ ᠪᠢᠴᠢᠪᠡ᠃
一 ᠣᠢᠯᠠᠭᠠᠭᠰᠠᠨ ᠦᠭᠡᠢ ᠦᠰᠦᠭ ᠦ᠋ᠨ ᠠᠷᠤ ᠳ᠋ᠤ᠌ ᠬᠠᠭᠠᠯᠲᠠᠨ ᠳ᠋ᠤ᠌ ᠠᠰᠠᠭᠤᠯᠲᠠ ᠶ᠋ᠢᠨ ᠲᠡᠮᠳᠡᠭ ᠲᠠᠯᠪᠢᠪᠠ᠃
3᠂ ᠰᠥᠪᠡᠭᠡᠲᠡᠢ ᠪᠠᠭᠠᠲᠤᠷ ᠤ᠋ᠨ ᠬᠦᠦ ᠤᠷᠢᠶᠠᠩᠬᠠᠳᠠᠢ ᠶ᠋ᠢ《 ᠦᠷᠢᠶᠠᠩᠾ一 ᠭᠠᠳᠠᠩ 》 ᠭᠡᠵᠦ ᠣᠷᠣᠰᠴᠢᠯᠠᠨ ᠨᠡᠷᠡᠯᠡᠭᠰᠡᠨ ᠢ᠋ ᠲ᠂ ᠬᠦᠮᠦᠵᠢᠯᠲᠦ ᠪᠠᠭᠰᠢ ᠶ᠋ᠢᠨ ᠰᠠᠨᠠᠭᠤᠯᠭ᠎ᠠ ᠪᠠᠷ 275 ᠳ᠋ᠤᠭᠠᠷ ᠬᠠᠭᠤᠳᠠᠰᠤᠨ ᠠ᠋ᠴᠠ ᠡᠬᠢᠯᠡᠨ ᠬᠠᠭᠠᠯᠲᠠᠨ ᠳ᠋ᠤ᠌ 《 ᠤᠷᠢᠶᠠᠩᠬᠠᠳᠠᠢ 》 ᠭᠡᠵᠦ ᠨᠡᠮᠡᠵᠦ ᠪᠢᠴᠢᠪᠡ᠃
一295 ᠳ᠋ᠤᠭᠠᠷ ᠬᠠᠭᠤᠳᠠᠰᠤᠨ ᠠ᠋ᠴᠠ ᠡᠬᠢᠯᠡᠨ ᠢᠯᠡᠷᠡᠭᠰᠡᠨ《 ᠭᠠᠷᠳᠢ ᠬ᠌ᠸᠯᠢ 》 ᠭᠡᠬᠦ ᠮᠣᠩᠭᠣᠯ ᠬᠥᠮᠦᠨ ᠦ᠌ ᠨᠡᠷ᠎ᠡ ᠶ᠋ᠢ ᠲᠠᠭᠠᠮᠠᠭ ᠢ᠋ᠶ᠋ᠠᠷ ᠬᠠᠭᠠᠯᠲᠠᠨ ᠳ᠋ᠤ᠌《 ᠭᠠᠷᠤᠳᠢ 》 ᠭᠡᠵᠦ ᠪᠢᠴᠢᠪᠡ᠃ ᠵᠥᠪ ᠡᠰᠡᠬᠦ ᠶ᠋ᠢ ᠦᠵᠡᠬᠦ ᠮᠡᠷᠭᠡᠳ ᠰᠢᠭᠦᠭᠲᠦᠨ !
4. ᠠᠵᠢᠯ ᠠᠮᠢᠳᠤᠷᠠᠯ ᠤ᠋ᠨ ᠵᠠᠪ ᠴᠢᠯᠥᠭᠡ ᠪᠡᠨ ᠠᠰᠢᠭᠯᠠᠨ ᠬᠠᠭᠤᠯᠵᠤ ᠪᠢᠴᠢᠭᠰᠡᠨ᠂ ᠬᠢᠨᠠᠵᠤ ᠵᠠᠯᠠᠷᠠᠭᠤᠯᠤᠭᠰᠠᠨ᠂ ᠦᠰᠦᠭ ᠦ᠋ᠨ ᠵᠥᠪ ᠪᠤᠷᠤᠭᠤ ᠶ᠋ᠢ ᠰᠢᠰᠲᠸᠮ ᠳ᠋ᠦ᠍ ᠬᠢᠨᠠᠭᠰᠠᠨ ᠡᠷᠬᠢᠮ ᠣᠯᠠᠨ ᠨᠠᠢᠵᠠ ᠨᠠᠷ ᠲᠤ᠌ ᠪᠠᠨ ᠴᠢᠩ ᠰᠡᠳᠬᠢᠯ ᠦ᠋ᠨ ᠲᠠᠯᠠᠷᠬᠠᠯ ᠢ᠋ᠶ᠋ᠠᠨ ᠳᠡᠪᠰᠢᠭᠦᠯᠦᠶ᠎ᠡ᠃ ᠰᠠᠢᠨ ᠤ᠋ ᠦᠢᠯᠡ ᠳᠡᠯᠭᠡᠷᠡᠵᠦ ᠴᠠᠢᠯᠭᠠᠨ ᠰᠡᠳᠬᠢᠯᠲᠦ ᠬᠥᠳᠡᠯᠮᠦᠷᠢᠴᠢ ᠢᠷᠭᠡᠨ ᠪᠦᠬᠦᠨ ᠲᠠᠢᠪᠤᠩ ᠰᠢᠨ᠎ᠡ ᠡᠷᠢᠨ ᠦ᠌ ᠠᠮᠤᠭᠤᠯᠠᠩ ᠵᠢᠷᠭᠠᠯ ᠡᠳ᠋ᠯᠡᠬᠦ ᠪᠣᠯᠲᠤᠭᠠᠢ ! ᠨᠡᠩ ᠣᠯᠠᠨ ᠬᠥᠮᠦᠨ ᠲᠤᠰ ᠷᠣᠮᠠᠨ ᠢ᠋ ᠤᠩᠰᠢᠬᠤ ᠪᠣᠯᠤᠭᠠᠰᠠᠢ !
5. ᠠᠵᠢᠯ ᠤ᠋ᠨ ᠪᠦᠲᠦᠮᠵᠢ ᠶ᠋ᠢᠨ ᠪᠦᠷᠢᠳᠬᠡᠯ ( ᠬᠠᠭᠤᠳᠠᠰᠤ ᠪᠠᠷ ᠲᠣᠭᠠᠴᠠᠯᠠᠪᠠ )
一 ᠬᠠᠭᠤᠯᠵᠤ ᠪᠢᠴᠢᠭᠰᠡᠨ ᠪᠦᠷᠢᠳᠬᠡᠯ᠄ ᠠᠯᠲᠠᠨᠴᠢᠮᠡᠭ 147 ᠂ ᠠᠯᠲᠠᠨᠴᠡᠴᠡᠭ 8᠂ ᠠᠷᠢᠭᠤᠨ 39 ᠂ ᠡᠵᠡᠨ᠎ᠡ 4᠂ ᠡᠷᠳᠡᠨᠢᠭᠣᠸ᠎ᠠ 20᠂ ᠳ᠂ ᠣᠶᠤᠨᠪᠢᠯᠢᠭ᠌ 6᠂ ᠤᠰᠬᠠᠯ 5᠂ ᠪᠠᠯ 14᠂ ᠪᠠᠶᠠᠨᠰᠡᠷᠡᠩ 4᠂ ᠪᠠᠶᠠᠨᠴᠡᠴᠡᠭ 91᠂ ᠾᠧ ᠢᠦᠢ 2᠂ ᠬᠦᠦᠳᠠᠭᠠᠭᠤᠯ 41᠂ ᠮᠡᠷᠭᠡᠨᠭᠣᠸ᠎ᠠ 66᠂ ᠬᠡᠷᠡᠢᠳ ᠂ ᠮᠥᠩᠬᠡᠨᠠᠰᠤᠨ 114᠂ ᠭᠡᠷᠡᠯ 77᠂ ᠰᠤᠳᠤᠯᠲᠦ 4
一 ᠭᠠᠷᠴᠠᠭ ᠢ᠋ ᠬᠠᠭᠠᠯᠤᠭᠰᠠᠨ ᠪᠦᠷᠢᠳᠬᠡᠯ᠄ ᠬᠡᠷᠡᠢᠳ ᠂ ᠮᠥᠩᠬᠡᠨᠠᠰᠤᠨ 3᠂ ᠠᠷᠢᠭᠤᠨ 4᠂ ᠠᠯᠲᠠᠨᠴᠢᠮᠡᠭ 2
一 ᠬᠠᠭᠤᠯᠤᠨ ᠪᠢᠴᠢᠬᠦ ᠶᠠᠪᠤᠴᠠ ᠶ᠋ᠢᠨ ᠳᠤᠮᠳᠠ ᠬᠢᠨᠠᠵᠤ ᠵᠠᠯᠠᠷᠠᠭᠤᠯᠤᠭᠰᠠᠨ ᠲᠡᠮᠳᠡᠭᠯᠡᠯ ᠪᠦᠷᠢᠨ ᠭᠦᠢᠴᠡᠳ ᠪᠤᠰᠤ ᠲᠤᠯᠠ ᠲᠣᠳᠣᠷᠬᠠᠢ ᠲᠣᠭᠠᠨ ᠤ᠋ ᠪᠦᠷᠢᠳᠬᠡᠯ ᠭᠠᠷᠭᠠᠵᠤ ᠴᠢᠳᠠᠬᠤ ᠦᠭᠡᠢ ᠪᠣᠯᠤᠯ᠎ᠠ᠃ ᠠᠭᠤᠴᠢᠯᠠᠯ ᠬᠦᠰᠡᠶ᠎ᠡ !
一 ᠦᠰᠦᠭ ᠦ᠋ᠨ ᠵᠥᠪ ᠪᠤᠷᠤᠭᠤ ᠶ᠋ᠢ ᠰᠢᠰᠲᠸᠮ ᠳ᠋ᠦ᠍ ᠬᠢᠨᠠᠭᠰᠠᠨ ᠬᠢᠨᠠᠭᠴᠢ᠄ ᠠᠯᠲᠠᠨᠴᠢᠮᠡᠭ 689
一 ᠶᠡᠷᠦᠩᠬᠡᠢ ᠬᠢᠨᠠᠭᠴᠢ᠄ ᠠᠷᠢᠭᠤᠨ 689
6. ᠬᠡᠷᠡᠢᠳ ᠂ ᠮᠥᠩᠬᠡᠨᠠᠰᠤᠨ ᠤ᠋ ᠬᠠᠭᠤᠯᠵᠤ ᠪᠢᠴᠢᠭᠰᠡᠨ ᠢ᠋ ᠬᠠᠭᠤᠳᠠᠰᠤ ᠠᠯᠭᠠᠰᠠᠯ ᠦᠭᠡᠢ ᠬᠢᠨᠠᠭᠰᠠᠨ ᠲ᠂ ᠬᠦᠮᠦᠵᠢᠯᠲᠦ ᠪᠠᠭᠰᠢᠲᠠᠨ ᠳ᠋ᠤ᠌ ᠪᠠᠨ ᠬᠦᠨᠳᠦᠳᠬᠡᠯ ᠳᠡᠪᠰᠢᠭᠦᠯᠵᠦ ᠪᠠᠢᠨ᠎ᠠ᠃
7. ᠪᠢᠴᠢᠬᠠᠨ ᠪᠢᠴᠢᠭᠡᠴᠢ ᠤᠰᠬᠠᠯ᠂ ᠡᠵᠡᠨ᠎ᠡ ( ᠪᠠᠭ᠎ᠠ ᠰᠤᠷᠭᠠᠭᠤᠯᠢ ᠶ᠋ᠢᠨ ᠬᠣᠶᠠᠳᠤᠭᠠᠷ ᠣᠨ ᠤ᠋ ᠰᠤᠷᠤᠭᠴᠢ ) ᠡᠭᠡᠴᠢ ᠳᠡᠭᠦᠦ ᠬᠣᠶᠠᠷ ᠲᠤ᠌ ᠪᠠᠨ ᠣᠨᠴᠠᠯᠠᠨ ᠲᠠᠯᠠᠷᠬᠠᠵᠤ ᠪᠠᠢᠨ᠎ᠠ᠃
8. ᠨᠢᠭᠡ ᠭᠡᠷ ᠦ᠋ᠨ ᠭᠤᠷᠪᠠᠨ ᠦᠶ᠎ᠡ ᠶ᠋ᠢᠨ ᠬᠥᠮᠦᠨ ᠬᠠᠭᠤᠯᠵᠤ ᠪᠢᠴᠢᠬᠦ ᠡᠨᠡᠬᠦ ᠠᠵᠢᠯ ᠳ᠋ᠤ᠌ ᠣᠷᠣᠯᠴᠠᠭᠰᠠᠨ ᠨᠢ ᠪᠢᠰᠢᠷᠡᠭᠦᠰᠢᠲᠡᠢ !
9. ᠠᠯᠳᠠᠭᠳᠠᠯ ᠡᠨᠳᠡᠭᠳᠡᠯ ᠢ᠋ ᠤᠩᠰᠢᠭᠴᠢ ᠣᠯᠠᠨ ᠮᠠᠨᠢ ᠰᠢᠭᠦᠵᠦ ᠵᠠᠰᠠᠨ ᠵᠠᠯᠠᠷᠠᠭᠤᠯᠬᠤ ᠶ᠋ᠢ ᠬᠦᠰᠡᠮᠦᠢ !
ᠶᠡᠷᠦᠩᠬᠡᠢ ᠬᠢᠨᠠᠭᠴᠢ ᠠᠷᠢᠭᠤᠨ ᠠ᠋ᠴᠠ ᠬᠢᠴᠢᠶᠡᠩᠭᠦᠢᠯᠡᠪᠡ᠃
2025 ᠣᠨ ᠤ᠋ ᠠᠷᠭ᠎ᠠ ᠶ᠋ᠢᠨ 12 ᠰᠢᠷ᠎ᠠ ᠶ᠋ᠢᠨ 21 ᠤ᠋ ᠡᠳᠦᠷ
