ᠮᠣᠷᠢ ᠮᠢᠨᠢ- ᠴᠢᠩ᠂ ᠬᠦᠰᠡᠯᠡᠩMori mini-Chin,KhüslenМорь минь-Чин,Хүслэн
ᠮᠣᠷᠢ ᠮᠢᠨᠢ
ᠰᠢᠯᠦᠭ᠄ ᠪ· ᠦᠯᠵᠡᠢᠨᠠᠷᠠᠨ( ᠰᠥᠨᠢᠳ ᠪᠠᠷᠠᠭᠤᠨ ᠬᠤᠰᠢᠭᠤᠨ ᠤ᠋ ᠤᠤᠭᠠᠯ)
ᠠᠶ᠎ᠠ᠄ ᠴᠢᠩ· ᠬᠦᠰᠡᠯᠡᠩ( ᠪᠠᠯᠭᠠᠰᠤᠨ ᠤ᠋ ᠺᠠᠳᠠᠷ)
ᠬᠥᠭᠵᠢᠮ ᠦ᠋ᠨ ᠨᠠᠢᠷᠠᠭᠤᠯᠭ᠎ᠠ᠄( ᠬᠤᠰᠢᠭᠤᠨ ᠤ᠋ ᠤᠯᠠᠭᠠᠠᠮᠦᠢ᠍ᠴᠢᠷ)
ᠳᠠᠭᠤᠴᠢᠨ᠄ ᠴᠢᠩ· ᠬᠦᠰᠡᠯᠡᠩ( ᠪᠠᠯᠭᠠᠰᠤᠨ ᠤ᠋ ᠺᠠᠳᠠᠷ)
ᠲᠠᠪᠬᠢᠭᠠᠨ ᠳ᠋ᠤ᠌ ᠨᠢ ᠰᠠᠯᠬᠢ ᠬᠣᠴᠣᠷᠳᠠᠭ
ᠣᠷᠣᠭ᠎ᠠ ᠬᠤᠯᠠᠨ ᠤ᠋ ᠤᠳᠤᠮ ᠲᠠᠢ
ᠲᠠᠷᠬᠡᠬᠡᠨ ᠳ᠋ᠦ᠍ ᠨᠢ ᠳᠠᠭᠤᠤ ᠬᠦᠬᠡᠯᠩᠳᠡᠳᠡᠭ
ᠤᠶᠠᠩᠭ᠎ᠠ ᠰᠡᠳᠬᠢᠯ ᠦ᠋ᠨ ᠠᠢᠵᠠᠮ ᠲᠠᠢ
ᠦᠶᠡᠷᠯᠡᠵᠦ ᠢᠷᠡᠬᠦ ᠠᠳᠤᠭᠤᠳ
ᠬᠥᠬᠡ ᠮᠣᠩᠭᠣᠯ ᠤ᠋ᠨ ᠬᠦᠯᠦᠭ
ᠦᠦᠷ ᠢ᠋ᠶ᠋ᠡᠷ ᠭᠢᠯᠠᠯᠵᠠᠬᠤ ᠴᠣᠯᠮᠣᠨ ᠣᠳᠣᠳ
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ᠁
ᠦᠤᠷᠰᠡᠬᠡᠨ ᠳ᠋ᠦ᠍ ᠨᠢ ᠴᠡᠴᠡᠭ ᠰᠡᠷᠭᠦᠳᠡᠭ
ᠠᠭᠤᠵᠢᠮ ᠲᠠᠯ᠎ᠠ ᠶ᠋ᠢᠨ ᠠᠮᠢᠰᠬᠤᠭ᠎ᠠ ᠲᠠᠢ
ᠦᠷᠭᠦᠭᠡᠨ ᠳ᠋ᠦ᠍ ᠨᠢ ᠠᠭᠤᠯᠠᠰ ᠥᠨᠳᠡᠯᠵᠡᠳᠡᠭ
ᠣᠩᠭᠣᠳ ᠬᠡᠢᠮᠣᠷᠢ ᠶ᠋ᠢᠨ ᠳᠠᠯᠠᠯᠭ᠎ᠠ ᠲᠠᠢ
ᠦᠶᠡᠷᠯᠡᠵᠦ ᠢᠷᠡᠬᠦ ᠠᠳᠤᠭᠤᠳ
ᠬᠥᠬᠡ ᠮᠣᠩᠭᠣᠯ ᠤ᠋ᠨ ᠬᠦᠯᠦᠭ
ᠦᠦᠷ ᠢ᠋ᠶ᠋ᠡᠷ ᠭᠢᠯᠠᠯᠵᠠᠬᠤ ᠴᠣᠯᠮᠣᠨ ᠣᠳᠣᠳ
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ᠁
ᠨᠠᠤᠬᠠᠤᠭᠠᠨ ᠳ᠋ᠤ᠌ ᠨᠢ ᠨᠠᠷᠠᠨ ᠰᠠᠴᠤᠷᠠᠳᠠᠭ
ᠨᠠᠴᠢᠨ ᠱᠣᠩᠬᠣᠷ ᠤ᠋ᠨ ᠵᠢᠭᠦᠷ ᠲᠡᠢ
ᠠᠯᠬᠤᠭᠠᠨ ᠳ᠋ᠤ᠌ ᠨᠢ ᠪᠣᠳᠣᠯ ᠲᠩᠳᠡᠷᠡᠳᠡᠭ
ᠡᠮᠵᠢᠭ ᠵᠥᠭᠡᠯᠡᠨ ᠴᠣᠬᠢᠯᠭ᠎ᠠ ᠲᠠᠢ
ᠦᠶᠡᠷᠯᠡᠵᠦ ᠢᠷᠡᠬᠦ ᠠᠳᠤᠭᠤᠳ
ᠬᠥᠬᠡ ᠮᠣᠩᠭᠣᠯ ᠤ᠋ᠨ ᠬᠦᠯᠦᠭ
ᠦᠦᠷ ᠢ᠋ᠶ᠋ᠡᠷ ᠭᠢᠯᠠᠯᠵᠠᠬᠤ ᠴᠣᠯᠮᠣᠨ ᠣᠳᠣᠳ
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ᠁
ᠦᠶᠡᠷᠯᠡᠵᠦ ᠢᠷᠡᠬᠦ ᠠᠳᠤᠭᠤᠳ
ᠬᠥᠬᠡ ᠮᠣᠩᠭᠣᠯ ᠤ᠋ᠨ ᠬᠦᠯᠦᠭ
ᠦᠦᠷ ᠢ᠋ᠶ᠋ᠡᠷ ᠭᠢᠯᠠᠯᠵᠠᠬᠤ ᠴᠣᠯᠮᠣᠨ ᠣᠳᠣᠳ
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ᠁
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ᠁
ᠦᠰᠦᠭ ᠠᠮᠢᠯᠠᠭᠤᠯᠤᠭᠴᠢ᠄ ᠰᠡᠴᠡᠨᠬᠡᠷᠡᠯ
ᠦᠰᠦᠭ ᠬᠠᠲᠠᠭᠴᠢ᠄ ᠰᠡᠴᠡᠨᠭᠡᠷᠡᠯ
ᠬᠢᠨᠠᠭᠴᠢ ᠪᠠᠭᠰᠢ᠄ ᠠᠯᠳᠡᠨᠴᠡᠴᠩ
