ᠨᠡᠭᠦᠳᠡᠯᠴᠢᠳ ᠦ᠋ᠨ ᠨᠤᠲᠤᠭ-ᠡᠷᠳᠡᠨᠢᠴᠢᠮᠡᠭ Нүүдэлчдийн нутаг-Эрдэнчимгээ
ᠨᠡᠭᠦᠳᠡᠯᠴᠢᠳ ᠦ᠋ᠨ ᠨᠤᠲᠤᠭ
ᠦᠭᠡ᠄ ᠨᠢᠮᠪᠤᠤ ᠶ᠋ᠢᠨ ᠪᠠᠶᠠᠨᠮᠥ᠋ᠩᠬᠡ
ᠠᠶ᠎ᠠ᠄ ᠠᠷᠢᠭᠤᠨᠲᠤᠯᠭ᠎ᠠ
ᠳᠠᠭᠤᠴᠢᠨ᠄ ᠡᠷᠳᠡᠨᠢᠴᠢᠮᠡᠭ
ᠡᠯᠡᠰᠦᠨ ᠰᠢᠷᠭᠠᠯ ᠭᠣᠪᠢ ᠪᠠᠷ ᠨᠡᠭᠦᠳᠡᠯ ᠬᠦᠪᠦᠷᠡᠵᠦ ᠦᠵᠡᠭᠳᠡᠨ᠎ᠡ
ᠡᠵᠢ ᠮᠢᠨᠢ ᠴᠠᠢ ᠪᠠᠨ ᠴᠢᠨᠠᠭᠠᠳ ᠳᠤᠰᠤᠭᠰᠠᠭᠠᠷ ᠣᠴᠢᠬᠤ ᠰᠢᠭ᠋ ᠪᠣᠳᠣᠭᠳᠠᠨ᠎ᠠ
ᠠᠯᠤᠰ ᠤ᠋ᠨ ᠠᠭᠤᠯᠠᠰ ᠤ᠋ᠨ ᠲᠡᠷᠢᠭᠦᠨ ᠳ᠋ᠦ᠍ ᠡᠭᠦᠯᠡᠰ ᠣᠷᠢᠶᠠᠵᠤ ᠴᠡᠩᠬᠡᠷᠲᠦᠨ᠎ᠡ
ᠠᠪᠤ ᠮᠢᠨᠢ ᠠᠳᠤᠭᠤ ᠪᠠᠨ ᠬᠤᠷᠢᠶᠠᠭᠠᠳ ᠮᠠᠩᠬᠠᠨ ᠤ᠋ ᠲᠡᠷᠲᠡᠭᠡ ᠳ᠋ᠦ᠍ ᠨᠠᠭᠠᠰᠢᠯᠠᠨ᠎ᠠ
ᠰᠠᠷ᠎ᠠ ᠵᠢᠯ ᠦ᠋ᠳ ᠦ᠋ᠨ ᠭᠠᠵᠠᠷ ᠠ᠋ᠴᠠ ᠴᠢᠭ
ᠰᠡᠳᠬᠢᠯ ᠳ᠋ᠦ᠍ ᠣᠢᠷᠠᠬᠠᠨ ᠲᠣᠭᠣᠨᠣᠲᠤ ᠮᠢᠨᠢ ᠠ᠋
ᠰᠠᠢᠬᠠᠨ ᠪᠤᠭᠤᠷᠤᠯ ᠡᠪᠦᠭᠡᠳ ᠦ᠋ᠨ ᠮᠢᠨᠢ
ᠪᠠᠭᠤᠷᠢ ᠨᠢ ᠲᠣᠳᠣᠬᠠᠨ ᠨᠤᠲᠤᠭ ᠮᠢᠨᠢ
ᠡᠪᠦᠭᠡᠨ ᠲᠣᠣᠷᠠᠢ ᠨᠠᠮᠤᠷ ᠢ᠋ᠶ᠋ᠠᠷ ᠳᠣᠮᠣᠭ ᠬᠦᠦᠷᠨᠢᠵᠦ ᠰᠢᠷᠭᠠᠯᠲᠤᠨ᠎ᠠ
ᠥᠨᠵᠢᠨ ᠬᠣᠨᠣᠭᠠᠳ ᠦᠯᠡᠳᠡᠮᠡᠷ ᠦᠯᠢᠭᠡᠷ ᠦ᠋ᠨ ᠰᠠᠢᠬᠠᠨ ᠨᠤᠲᠤᠭ ᠳᠠ
ᠮᠣᠷᠢᠨ ᠬᠤᠭᠤᠷ ᠤ᠋ᠨ ᠲᠠᠲᠠᠯᠭ᠎ᠠ ᠨᠢ ᠮᠣᠩᠭᠣᠯ ᠭᠡᠷ ᠡᠴᠡ ᠰᠣᠨᠣᠰᠳᠠᠨ᠎ᠠ
ᠮᠣᠷᠢᠳ ᠢ᠋ᠶ᠋ᠠᠨ ᠠᠮᠠᠷᠠᠭᠠᠵᠤ ᠰᠠᠭᠠᠲᠠᠮᠠᠷ ᠡᠢᠮᠦ ᠯᠡ ᠠᠷᠢᠭᠤᠨ ᠨᠤᠲᠤᠭ ᠳᠠ
ᠰᠠᠷ᠎ᠠ ᠵᠢᠯ ᠦ᠋ᠳ ᠦ᠋ᠨ ᠭᠠᠵᠠᠷ ᠠ᠋ᠴᠠ ᠴᠢᠭ
ᠰᠡᠳᠬᠢᠯ ᠳ᠋ᠦ᠍ ᠣᠢᠷᠠᠬᠠᠨ ᠲᠣᠭᠣᠨᠣᠲᠤ ᠮᠢᠨᠢ ᠠ᠋
ᠰᠠᠢᠬᠠᠨ ᠪᠤᠭᠤᠷᠤᠯ ᠡᠪᠦᠭᠡᠳ ᠦ᠋ᠨ ᠮᠢᠨᠢ
ᠪᠠᠭᠤᠷᠢ ᠨᠢ ᠲᠣᠳᠣᠬᠠᠨ ᠨᠤᠲᠤᠭ ᠮᠢᠨᠢ
ᠭᠣᠣᠯᠲᠤ ᠵᠢᠷᠦᠬᠡ ᠶ᠋ᠢ ᠤᠶᠠᠷᠠᠭᠤᠯᠵᠤ ᠢᠩᠭᠡ ᠪᠣᠲᠣᠭᠣ ᠪᠣᠢᠯᠠᠯᠳᠤᠨᠠ
ᠭᠣᠶᠣᠣ ᠬᠠᠷᠠᠮᠠᠭ ᠨᠢᠳᠦᠯᠡᠭᠡᠳ ᠪᠤᠯᠠᠭ ᠮᠡᠲᠦ ᠱᠠᠩᠳᠤ ᠨᠢ ᠡᠭᠡᠰᠢᠭᠯᠡᠨ᠎ᠡ
ᠠᠪᠤ ᠶ᠋ᠢᠨ ᠭᠡᠷ ᠦ᠋ᠨ ᠵᠦᠭ ᠡᠴᠡ ᠠᠢᠷᠠᠭ ᠴᠠᠭ᠎ᠠ ᠦᠨᠦᠷᠲᠦᠨ᠎ᠡ
ᠠᠷᠠᠳ ᠤ᠋ᠨ ᠳᠠᠭᠤᠨ ᠳ᠋ᠤ᠌ ᠨᠢ ᠤᠶᠠᠷᠠᠭᠠᠳ ᠤᠬᠢᠯᠠᠵᠤ ᠰᠠᠭᠤᠮᠠᠷ ᠰᠠᠨᠠᠭᠳᠠᠨ᠎ᠠ
ᠰᠠᠷ᠎ᠠ ᠵᠢᠯ ᠦ᠋ᠳ ᠦ᠋ᠨ ᠭᠠᠵᠠᠷ ᠠ᠋ᠴᠠ ᠴᠢᠭ
ᠰᠡᠳᠬᠢᠯ ᠳ᠋ᠦ᠍ ᠣᠢᠷᠠᠬᠠᠨ ᠲᠣᠭᠣᠨᠣᠲᠤ ᠮᠢᠨᠢ ᠠ᠋
ᠰᠠᠢᠬᠠᠨ ᠪᠤᠭᠤᠷᠤᠯ ᠡᠪᠦᠭᠡᠳ ᠦ᠋ᠨ ᠮᠢᠨᠢ
ᠪᠠᠭᠤᠷᠢ ᠨᠢ ᠲᠣᠳᠣᠬᠠᠨ ᠨᠤᠲᠤᠭ ᠮᠢᠨᠢ
ᠰᠠᠷ᠎ᠠ ᠵᠢᠯ ᠦ᠋ᠳ ᠦ᠋ᠨ ᠭᠠᠵᠠᠷ ᠠ᠋ᠴᠠ ᠴᠢᠭ
ᠰᠡᠳᠬᠢᠯ ᠳ᠋ᠦ᠍ ᠣᠢᠷᠠᠬᠠᠨ ᠲᠣᠭᠣᠨᠣᠲᠤ ᠮᠢᠨᠢ ᠠ᠋
ᠰᠠᠢᠬᠠᠨ ᠪᠤᠭᠤᠷᠤᠯ ᠡᠪᠦᠭᠡᠳ ᠦ᠋ᠨ ᠮᠢᠨᠢ
ᠪᠠᠭᠤᠷᠢ ᠨᠢ ᠲᠣᠳᠣᠬᠠᠨ ᠨᠤᠲᠤᠭ ᠮᠢᠨᠢ ᠠ᠋
ᠰᠡᠳᠬᠢᠯ ᠳ᠋ᠦ᠍ ᠣᠢᠷᠠᠬᠠᠨ ᠲᠣᠭᠣᠨᠣᠲᠤ ᠮᠢᠨᠢ ᠠ᠋
ᠦᠰᠦᠭ ᠠᠮᠢᠯᠠᠭᠤᠯᠤᠭᠰᠠᠨ ᠨᠢ᠄ ᠰᠣᠨᠢᠨᠪᠠᠶᠠᠷ
ᠦᠰᠦᠭ ᠬᠠᠲᠠᠭᠰᠠᠨ ᠨᠢ᠄ ᠪᠠᠢ· ᠰᠠᠷᠠᠨ᠎ᠠ
ᠬᠢᠨᠠᠭᠴᠢ᠄ ᠰᠣᠨᠢᠨᠪᠠᠶᠠᠷ
