ᠳᠥᠷᠪᠡᠨ ᠤᠯᠠᠷᠢᠯ ᠬᠣᠶᠠᠷ ᠠᠮᠠᠷᠠᠭ- ᠳ᠋ᠠᠰᠢᠴᠠᠩᠷᠠᠪ ᠊ ᠣᠶᠤᠺᠠDashchanrav Oyuka - Durvun uliral hoyor amrag Дашчанрав Оюука - Дөрвөн улирал хоёр амраг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ ᠬᠣᠶᠠᠷ ᠠᠮᠠᠷᠠᠭ- ᠳ᠋ᠠᠰᠢᠴᠠᠩᠷᠠᠪ ᠊ ᠣᠶᠤᠺᠠDashchanrav Oyuka - Durvun uliral hoyor amrag Дашчанрав Оюука - Дөрвөн улирал хоёр амраг

ᠳᠥᠷᠪᠡᠨ ᠤᠯᠠᠷᠢᠯ ᠬᠣᠶᠠᠷ ᠠᠮᠠᠷᠠᠭ- ᠳ᠋ᠠᠰᠢᠴᠠᠩᠷᠠᠪ ᠊ ᠣᠶᠤᠺᠠDashchanrav Oyuka - Durvun uliral hoyor amrag Дашчанрав Оюука - Дөрвөн улирал хоёр амраг

ᠠᠩᠭᠢᠯᠠᠯ:ᠳᠠᠭᠤᠤ ᠬᠥᠭᠵᠢᠮ
2025-12-19

368

ᠳᠥᠷᠪᠡᠨ ᠤᠯᠠᠷᠢᠯ ᠬᠣᠶᠠᠷ ᠠᠮᠠᠷᠠᠭ


     ᠦᠭᠡ᠄ ᠳ· ᠪᠠᠲᠦᠰᠦᠷᠦᠩ 
     ᠠᠶ᠎ᠠ᠄ ᠰ· ᠪᠠᠭᠠᠲᠤᠷᠰᠦ᠋ᠬᠡ 
     ᠳᠠᠭᠤᠴᠢᠨ᠄ ᠳ᠋ᠠᠰᠢᠴᠠᠩᠷᠠᠪ᠂ ᠣᠶᠤᠺᠠ 

 ᠬᠥᠪᠥᠩ ᠵᠥᠭᠡᠯᠡᠨ ᠴᠠᠰᠤᠨ ᠰᠢᠷᠬᠡᠭ 
 ᠬᠠᠴᠠᠷ ᠳᠡᠭᠡᠷ᠎ᠡ ᠴᠢᠨᠢ ᠪᠠᠭᠤᠯ᠎ᠠ ᠬᠠᠢᠷᠠᠲᠤ ᠮᠢᠨᠢ 
 ᠬᠦᠢᠲᠡᠨ ᠴᠠᠰᠤᠨ ᠳ᠋ᠤ᠌ ᠬᠠᠭᠠᠷᠠᠪᠠ ᠤᠤ ᠭᠡᠲᠡᠯ᠎ᠡ 
 ᠬᠠᠢᠯᠤᠨ ᠤᠷᠤᠰᠤᠯ᠎ᠠ ᠬᠣᠩᠭᠣᠷ ᠮᠢᠨᠢ 
 ᠬᠠᠰ ᠤ᠋ᠨ ᠳᠡᠯᠢ ᠰᠢᠭ᠋ ᠬᠥᠮᠦᠰᠬᠡᠨ ᠳᠡᠭᠡᠷ᠎ᠡ ᠴᠢᠨᠢ 
 ᠬᠠᠰᠢ ᠶ᠋ᠢᠨ ᠰᠢᠷᠬᠡᠭ ᠪᠠᠭᠤᠬᠤ ᠭᠡᠵᠦ ᠪᠠᠢᠭᠰᠠᠨ ᠶᠤᠮ 
 ᠬᠠᠢᠷᠠᠲᠠᠢ ᠴᠢᠨᠦ ᠨᠠᠷᠠᠨ ᠰᠡᠳᠬᠢᠯ ᠳ᠋ᠦ᠍ 
 ᠬᠠᠢᠯᠤᠭ᠎ᠠ ᠪᠢᠵᠡ ᠠ᠋᠂ ᠬᠣᠩᠭᠣᠷ ᠮᠢᠨᠢ 
 ᠬᠠᠢᠯᠤᠭ᠎ᠠ ᠪᠢᠵᠡ ᠠ᠋᠂ ᠬᠣᠩᠭᠣᠷ ᠮᠢᠨᠢ 

 ᠬᠠᠷᠠᠭᠰᠠᠭᠠᠷ ᠰᠠᠭᠤᠲᠠᠯ᠎ᠠ ᠭᠠᠯ ᠤ᠋ᠨ ᠵᠤᠯᠠ ᠴᠡᠴᠡᠭ
 ᠬᠠᠵᠠᠭᠤ ᠳᠡᠷᠭᠡᠳᠡ ᠤᠷᠭᠤᠯ᠎ᠠ ᠬᠠᠢᠷᠠᠲᠤ ᠮᠢᠨᠢ
 ᠬᠠᠨᠢᠬᠠᠨ ᠴᠢᠮ᠎ᠠ ᠳ᠋ᠠᠭᠠᠨ ᠪᠠᠷᠢᠶᠤ ᠭᠡᠲᠡᠯ᠎ᠡ
 ᠬᠠᠢᠷᠠᠨ ᠪᠠᠢᠯ᠎ᠠ ᠬᠣᠩᠭᠣᠷ ᠮᠢᠨᠢ
 ᠦᠨᠳᠦᠰᠦ ᠮᠥᠴᠢᠷ ᠨᠢᠭᠡᠨ ᠠᠮᠢ ᠲᠠᠢ
 ᠦᠶ᠎ᠡ ᠶ᠋ᠢᠨ ᠪᠢᠳᠡ ᠡᠴᠡ ᠢᠯᠭᠠᠭ᠎ᠠ ᠨᠢ ᠦᠭᠡᠢ
 ᠠᠪᠤ ᠠ᠋ᠴᠠ ᠡᠵᠢ ᠡᠴᠡ ᠥᠪᠯᠡᠵᠦ ᠲᠥᠷᠥᠭᠰᠡᠨ
 ᠠᠭᠠᠰᠢ ᠨᠢ ᠰᠠᠢᠬᠠᠨ ᠬᠣᠩᠭᠣᠷ ᠮᠢᠨᠢ
 ᠠᠭᠠᠰᠢ ᠨᠢ ᠰᠠᠢᠬᠠᠨ ᠬᠣᠩᠭᠣᠷ ᠮᠢᠨᠢ

 ᠡᠷᠢᠭᠰᠡᠨ ᠴᠡᠴᠡᠭ ᠢ᠋ᠶ᠋ᠡᠨ ᠮᠠᠷᠲᠠᠭᠰᠠᠨ ᠡᠷᠪᠡᠬᠡᠢ
 ᠡᠷᠬᠡᠯᠡᠵᠦ ᠴᠢᠮ᠎ᠠ ᠳᠡᠭᠡᠷ᠎ᠡ ᠰᠠᠭᠤᠯ᠎ᠠ ᠬᠠᠢᠷᠠᠲᠤ ᠮᠢᠨᠢ
 ᠡᠩᠬᠦᠷᠡᠢ ᠴᠢᠮ᠎ᠠ ᠳ᠋ᠠᠭᠠᠨ ᠬᠡᠯᠡᠶᠦ ᠭᠡᠲᠡᠯ᠎ᠡ
 ᠡᠷᠭᠢᠭᠡᠳ ᠨᠢᠰᠦᠯ᠎ᠡ ᠬᠣᠩᠭᠣᠷ ᠮᠢᠨᠢ
 ᠬᠠᠯᠢᠭᠤᠨ ᠶᠠᠭᠠᠨ ᠴᠡᠴᠡᠭ ᠦ᠋ᠨ ᠲᠣᠭᠣᠰᠣ ᠶ᠋ᠢ
 ᠬᠣᠩᠭᠣᠷ ᠴᠢᠮ᠎ᠠ ᠳ᠋ᠤ᠌ ᠮᠢᠨᠢ ᠥᠭᠭᠦᠭᠡ ᠪᠢᠵᠡ ᠠ᠋
 ᠨᠠᠮᠤᠭᠤᠨ ᠪᠠᠢᠭᠠᠯᠢ ᠶ᠋ᠢ ᠪᠢᠳᠡᠨ ᠳ᠋ᠦ᠍ ᠦᠯᠡᠳᠡᠭᠡᠵᠦ
 ᠨᠠᠭᠠᠳᠤᠨ ᠣᠳᠤᠯ᠎ᠠ ᠠ᠋᠂ ᠬᠣᠩᠭᠣᠷ ᠮᠢᠨᠢ
 ᠨᠠᠭᠠᠳᠤᠨ ᠣᠳᠤᠯ᠎ᠠ ᠠ᠋᠂ ᠬᠣᠩᠭᠣᠷ ᠮᠢᠨᠢ᠃

 ᠮᠥᠩᠬᠡ ᠶ᠋ᠢᠨ ᠳᠤᠯᠠᠭᠠᠨ ᠠᠯᠤᠰ ᠢ᠋  ᠵᠣᠷᠢᠭᠠᠳ
 ᠬᠤᠨ ᠤ᠋ ᠴᠤᠪᠤᠭ᠎ᠠ ᠪᠤᠴᠠᠯ᠎ᠠ ᠬᠠᠢᠷᠠᠲᠤ ᠮᠢᠨᠢ
 ᠰᠡᠭᠦᠳᠡᠷ ᠰᠤᠨᠤᠨ ᠠᠯᠲᠠᠨ ᠲᠠᠯ᠎ᠠ ᠳᠡᠭᠡᠷ᠎ᠡ
 ᠰᠢᠭᠦᠳᠡᠷᠢ ᠪᠠᠭᠤᠯ᠎ᠠ ᠬᠣᠩᠭᠣᠷ ᠮᠢᠨᠢ
 ᠰᠦᠷᠦᠭ ᠡᠴᠡ ᠦᠯᠡᠳᠡᠭᠰᠡᠨ ᠰᠡᠭᠦᠯᠴᠢ ᠶ᠋ᠢᠨ ᠬᠤᠨ ᠤ᠋
 ᠮᠥᠩᠭᠥᠨ ᠳᠠᠯᠢ ᠠ᠋ᠴᠠ ᠪᠠᠭᠤᠭᠰᠠᠨ ᠶᠤᠮ ᠬᠠᠢᠷᠠᠲᠤ ᠮᠢᠨᠢ
 ᠡᠰᠡᠨ ᠳᠡᠯᠡᠬᠡᠢ ᠶ᠋ᠢᠨ ᠵᠢᠮ᠎ᠡ ᠶ᠋ᠢ ᠳᠠᠭᠠᠭᠠᠳ
 ᠡᠷᠭᠢᠭᠡᠳ ᠢᠷᠡᠨ᠎ᠡ ᠠ᠋ ᠬᠣᠩᠭᠣᠷ ᠮᠢᠨᠢ
 ᠡᠷᠭᠢᠭᠡᠳ ᠢᠷᠡᠨ᠎ᠡ ᠠ᠋ ᠬᠣᠩᠭᠣᠷ ᠮᠢᠨᠢ᠁

        ᠦᠰᠦᠭ ᠠᠮᠢᠯᠠᠭᠤᠯᠵᠤ ᠬᠠᠲᠠᠭᠴᠢ᠄ ᠤᠤᠭᠠᠨᠵᠢᠳ
        ᠬᠢᠨᠠᠭᠴᠢ᠄ ᠮᠡᠷᠭᠡᠨᠪᠢᠯᠢᠭ