ᠳᠠᠭᠤᠤ ᠲᠠᠢ ᠮᠣᠩᠭᠣᠯ -ᠰ· ᠵᠢᠪᠬᠤᠯᠠᠩDuutai mongol-S·JavkhlanДуутай монгол-С·Жавхлан
ᠳᠠᠭᠤᠤ ᠲᠠᠢ ᠮᠣᠩᠭᠣᠯ
ᠦᠭᠡ᠄ ᠰᠠᠷᠠᠭᠤᠯᠰᠠᠢᠬᠠᠨ
ᠠᠶ᠎ᠠ᠄ ᠰᠠᠷᠠᠭᠤᠯᠰᠠᠢᠬᠠᠨ
ᠳᠠᠭᠤᠴᠢᠨ᠄ ᠰ· ᠵᠢᠪᠬᠤᠯᠠᠩ
ᠦᠷ ᠦ᠋ᠨ ᠰᠢᠷᠭᠠᠯ ᠲᠤᠶᠠᠭᠠᠨ ᠳᠣᠣᠷ᠎ᠠ
ᠰᠢᠭᠦᠳᠡᠷᠢ ᠶ᠋ᠢᠨ ᠰᠣᠨᠳᠣᠷ ᠮᠥᠩᠭᠥᠷᠡᠨᠡ
ᠦᠯᠡᠮᠵᠢ ᠶ᠋ᠢᠨ ᠳᠡᠯᠭᠡᠷ ᠬᠥᠨᠳᠡᠢ ᠳ᠋ᠦ᠍
ᠥᠩᠭᠡ ᠭᠡᠷᠡᠯ ᠦ᠋ᠨ ᠰᠠᠴᠤᠷᠠᠭ ᠴᠠᠢᠷᠠᠨ᠎ᠠ
ᠠᠷᠭᠠᠯ ᠤ᠋ᠨ ᠤᠲᠤᠭ᠎ᠠ ᠨᠢ ᠬᠥᠬᠡᠷᠡᠭᠡᠳ
ᠠᠢᠯ ᠤ᠋ᠨ ᠪᠠᠷ᠎ᠠ ᠰᠦᠮᠡᠢᠨ
ᠠᠭᠯᠠᠭ ᠲᠠᠯ᠎ᠠ ᠶ᠋ᠢᠨ ᠮᠢᠨᠢ ᠥᠷᠯᠥᠭᠡ
ᠠᠢᠵᠠᠮ ᠳᠠᠭᠤᠨ ᠡᠭᠡᠰᠢᠭᠲᠡᠢ
ᠳᠠᠭᠤᠤ ᠲᠠᠢ ᠮᠣᠩᠭᠣᠯ ᠨᠤᠲᠤᠭ ᠢ᠋ᠶ᠋ᠠᠨ ᠪᠢ
ᠳᠠᠭᠤᠯᠠᠨ ᠰᠠᠨᠠᠨ ᠪᠠᠬᠠᠳᠤᠨ ᠳᠠᠭᠤᠯᠠᠨ᠎ᠠ
ᠴᠤᠤᠲᠠᠢ ᠮᠣᠩᠭᠣᠯ ᠲᠦᠮᠡᠨ ᠦ᠌ ᠮᠢᠨᠢ
ᠵᠠᠭᠤᠨ ᠵᠠᠭᠤᠨ ᠳ᠋ᠤ᠌ ᠪᠠᠨ ᠣᠷᠣᠰᠢᠬᠤ ᠥᠯᠥᠭᠡᠢ ᠮᠢᠨᠢ
ᠴᠡᠯᠮᠡᠭ ᠴᠡᠩᠬᠡᠷ ᠲᠩᠷᠢ ᠶ᠋ᠢᠨ ᠳᠣᠣᠷ᠎ᠠ
ᠴᠡᠴᠡᠭ ᠦ᠋ᠨ ᠲᠠᠯ᠎ᠠ ᠳ᠋ᠤ᠌ ᠨᠢ ᠠᠳᠤᠭᠤ ᠢᠨᠴᠠᠭᠠᠨ᠎ᠠ
ᠴᠡᠭᠡᠯᠬᠡᠨ ᠠᠭᠤᠵᠢᠮ ᠬᠣᠭᠣᠯᠠᠢ
ᠴᠡᠩᠭᠡᠯ ᠦ᠋ᠨ ᠳᠠᠭᠤᠤ ᠠᠯᠤᠰ ᠲᠤ᠌ ᠢᠷᠭᠤᠰᠤᠨᠠ
ᠬᠤᠯᠤ ᠲᠠᠢ ᠠᠢᠷᠠᠭ ᠨᠢ ᠴᠠᠯᠭᠢᠬᠤ
ᠤᠷᠲᠤ ᠶ᠋ᠢᠨ ᠳᠠᠭᠤᠨ ᠤ᠋ ᠰᠢᠷᠤᠩᠬᠠᠢ
ᠬᠤᠭᠤᠷ ᠤ᠋ᠨ ᠡᠭᠡᠰᠢᠭ ᠨᠢ ᠬᠥᠭᠯᠡᠭᠰᠡᠨ
ᠬᠣᠲᠠᠯᠠ ᠶ᠋ᠢᠨ ᠲᠦᠷᠢᠯᠭᠡ ᠴᠤᠤᠷᠢᠶᠠᠲᠤᠨ᠎ᠠ
ᠳᠠᠭᠤᠤ ᠲᠠᠢ ᠮᠣᠩᠭᠣᠯ ᠨᠤᠲᠤᠭ ᠢ᠋ᠶ᠋ᠠᠨ ᠪᠢ
ᠳᠠᠭᠤᠯᠠᠨ ᠰᠠᠨᠠᠨ ᠪᠠᠬᠠᠳᠤᠨ ᠳᠠᠭᠤᠯᠠᠨ᠎ᠠ
ᠴᠤᠤᠲᠠᠢ ᠮᠣᠩᠭᠣᠯ ᠲᠦᠮᠡᠨ ᠦ᠌ ᠮᠢᠨᠢ
ᠵᠠᠭᠤᠨ ᠵᠠᠭᠤᠨ ᠳ᠋ᠤ᠌ ᠪᠠᠨ ᠣᠷᠣᠰᠢᠬᠤ ᠥᠯᠥᠭᠡᠢ ᠮᠢᠨᠢ
ᠬᠥᠬᠡ ᠲᠩᠷᠢ ᠪᠡᠨ ᠰᠢᠲᠦᠭᠰᠡᠨ
ᠬᠤᠪᠢᠲᠠᠢ ᠮᠣᠩᠭᠣᠯ ᠤ᠋ᠨ ᠮᠢᠨᠢ ᠵᠠᠶᠠᠭ᠎ᠠ
ᠬᠤᠷᠤᠢ ᠬᠤᠷᠤᠢ᠁
ᠬᠦᠰᠡᠯ ᠦ᠋ᠨ ᠰᠠᠢᠬᠠᠨ ᠣᠷᠣᠨ ᠮᠢᠨᠢ
ᠳᠠᠭᠤᠤ ᠲᠠᠢ ᠮᠣᠩᠭᠣᠯ ᠨᠤᠲᠤᠭ ᠢ᠋ᠶ᠋ᠠᠨ ᠪᠢ
ᠳᠠᠭᠤᠯᠠᠨ ᠰᠠᠨᠠᠨ ᠪᠠᠬᠠᠳᠤᠨ ᠳᠠᠭᠤᠯᠠᠨ᠎ᠠ
ᠴᠤᠤᠲᠠᠢ ᠮᠣᠩᠭᠣᠯ ᠲᠦᠮᠡᠨ ᠦ᠌ ᠮᠢᠨᠢ
ᠵᠠᠭᠤᠨ ᠵᠠᠭᠤᠨ ᠳ᠋ᠤ᠌ ᠪᠠᠨ ᠣᠷᠣᠰᠢᠬᠤ ᠥᠯᠥᠭᠡᠢ ᠮᠢᠨᠢ
ᠡᠪᠦᠭᠡᠳ ᠦ᠋ᠨ ᠨᠤᠲᠤᠭ ᠠᠮᠤᠭᠤᠯᠠᠩ ᠣᠷᠣᠰᠢᠭ ᠠ᠋
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
