ᠮᠢᠨᠦ ᠨᠤᠲᠤᠭ -ᠢᠪᠡᠭᠡᠯ Minii nutag-IvgeelМиний нутаг-Ивгээл
ᠮᠢᠨᠦ ᠨᠤᠲᠤᠭ
ᠦᠭᠡ᠂ ᠠᠶ᠎ᠠ᠄ ᠢᠪᠡᠭᠡᠯ
— ᠤᠷᠠᠨ ᠵᠢᠷᠭᠢᠭᠡ ᠬᠠᠮᠲᠤᠯᠢᠭ
ᠠᠯᠤᠰ ᠲᠤ᠌ ᠪᠥᠷᠲᠥᠯᠵᠡᠬᠦ ᠨᠤᠲᠤᠭ ᠨᠢ
ᠠᠷᠭᠠᠯ ᠤ᠋ᠨ ᠤᠲᠤᠭ᠎ᠠ ᠲᠠᠢ
ᠠᠳᠤᠭᠤ ᠮᠠᠯ ᠨᠢ ᠠᠯᠠᠭᠰᠢᠭᠠᠳ
ᠠᠮᠤᠷ ᠲᠠᠢᠪᠤᠭᠤᠬᠠᠨ
ᠠᠢᠷᠠᠭ ᠰᠦ ᠶ᠋ᠢᠨ ᠦᠨᠦᠷ ᠬᠠᠩᠬᠤᠯᠤᠭᠠᠳ
ᠠᠷᠠᠳ ᠨᠢ ᠠᠮᠤᠭᠤᠯᠠᠩ ᠰᠠᠢᠬᠠᠨ ᠨᠤᠲᠤᠭ ᠠ᠋
ᠬᠠᠷᠠᠭᠠᠨ ᠳ᠋ᠤ᠌ ᠲᠣᠳᠣᠷᠠᠬᠤ ᠨᠤᠲᠤᠭ ᠨᠢ
ᠬᠠᠶᠠᠭ᠎ᠠ ᠨᠢ ᠴᠡᠩᠬᠡᠷᠲᠦᠭᠡᠳ
ᠬᠠᠢᠷ᠎ᠠ ᠨᠠᠢᠷ ᠤ᠋ᠨ ᠳᠠᠭᠤᠤ ᠨᠢ
ᠬᠠᠩᠭᠢᠨᠠᠨ ᠵᠢᠩᠭᠢᠨᠡᠭᠡᠳ
ᠬᠠᠰᠢᠶ᠎ᠠ ᠲᠥᠯ ᠢ᠋ᠶ᠋ᠡᠷ ᠳᠦᠭᠦᠷᠡᠩ ᠬᠠᠩᠬᠤᠯᠤᠭᠠᠳ
ᠬᠠᠮᠤᠭ ᠲᠦᠮᠡᠨ ᠨᠢ ᠰᠠᠢᠬᠠᠨ ᠨᠤᠲᠤᠭ ᠠ᠋
ᠠᠷᠠᠳ ᠤ᠋ᠨ ᠳᠠᠭᠤᠨ ᠤ᠋ ᠲᠦᠷᠢᠯᠭᠡ ᠶ᠋ᠢᠨ
ᠠᠶᠠᠯᠭᠤ ᠨᠢ ᠴᠡᠩᠬᠡᠷᠲᠦᠭᠡᠳ
ᠠᠵᠠᠢ ᠪᠤᠭᠤᠷᠤᠯ ᠨᠠᠰᠤᠲᠠᠳ ᠨᠢ
ᠠᠮᠤᠷ ᠲᠠᠢᠪᠤᠭᠤᠬᠠᠨ
ᠠᠭᠢ ᠬᠢᠯᠠᠭᠠᠨ᠎ᠠ ᠶ᠋ᠢᠨ ᠦᠨᠦᠷ ᠰᠡᠩᠭᠢᠨᠡᠭᠡᠳ
ᠠᠮᠠᠷᠠᠵᠤ ᠰᠠᠭᠤᠯᠲᠠᠢ ᠰᠠᠢᠬᠠᠨ ᠨᠤᠲᠤᠭ ᠠ᠋
ᠠᠯᠠᠭ ᠦᠷ᠎ᠡ ᠪᠡᠨ ᠡᠨᠡᠷᠢᠵᠦ ᠰᠠᠭᠤᠯᠲᠠᠢ
ᠠᠪᠤ ᠯᠠ ᠡᠵᠢ ᠶ᠋ᠢᠨ ᠮᠢᠨᠢ ᠰᠠᠢᠬᠠᠨ ᠨᠤᠲᠤᠭ ᠠ᠋
ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ
