ᠲᠡᠮᠡᠭᠡ ᠮᠢᠨᠢ- ᠤᠷᠤᠭᠰᠢᠯᠠᠯᠲᠠTemee mini-UragshlaltТэмээ минь-Урагшлалт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ ᠮᠢᠨᠢ- ᠤᠷᠤᠭᠰᠢᠯᠠᠯᠲᠠTemee mini-UragshlaltТэмээ минь-Урагшлалт

ᠲᠡᠮᠡᠭᠡ ᠮᠢᠨᠢ- ᠤᠷᠤᠭᠰᠢᠯᠠᠯᠲᠠTemee mini-UragshlaltТэмээ минь-Урагшлалт

ᠠᠩᠭᠢᠯᠠᠯ:ᠳᠠᠭᠤᠤ ᠬᠥᠭᠵᠢᠮ
2025-12-14

645

ᠲᠡᠮᠡᠭᠡ ᠮᠢᠨᠢ


         ᠦᠭᠡ᠄ ᠨᠠᠰᠤᠨ 
         ᠠᠶ᠎ᠠ᠄  ᠤᠷᠤᠭᠰᠢᠯᠠᠯᠲᠠ 
         ᠳᠠᠭᠤᠴᠢᠨ᠄ ᠤᠷᠤᠭᠰᠢᠯᠠᠯᠲᠠ 

ᠬᠦᠷᠡᠩ ᠭᠣᠪᠢ ᠳ᠋ᠤ᠌ ᠪᠠᠨ ᠪᠦᠢᠯᠠᠯᠴᠠᠳᠠᠭ᠋ ᠲᠡᠮᠡᠭᠡ ᠮᠢᠨᠢ 
ᠬᠥᠮᠦᠨ ᠦ᠌ ᠪᠡᠨ ᠳᠠᠭᠤᠨ ᠳ᠋ᠤ᠌ ᠤᠬᠢᠯᠠᠯᠴᠠᠳᠠᠭ ᠲᠡᠮᠡᠭᠡ ᠮᠢᠨᠢ 
ᠡᠵᠡᠨ ᠨᠠᠳᠠ ᠳ᠋ᠤ᠌ ᠪᠠᠨ ᠡᠷᠭᠢᠴᠡᠭᠡᠳ ᠪᠠᠢᠨ᠎ᠠ ᠤᠤ ᠳᠠ 
ᠡᠨᠡᠬᠡᠨ ᠨᠤᠲᠤᠭ ᠲᠤ᠌ ᠪᠠᠨ ᠬᠣᠷᠭᠣᠳᠠᠭᠠᠳ ᠯᠠ ᠪᠠᠢᠨ᠎ᠠ ᠤᠤ ᠳᠠ 
ᠡᠵᠡᠨ ᠨᠠᠳᠠ ᠳ᠋ᠤ᠌ ᠪᠠᠨ  ᠡᠷᠭᠢᠴᠡᠭᠡᠳ ᠪᠠᠢᠨ᠎ᠠ ᠤᠤ ᠳᠠ 
ᠡᠨᠡᠬᠡᠨ ᠨᠤᠲᠤᠭ ᠲᠤ᠌ ᠪᠠᠨ ᠬᠣᠷᠭᠣᠳᠠᠭᠠᠳ ᠯᠠ ᠪᠠᠢᠨ᠎ᠠ ᠤᠤ ᠳᠠ 

ᠡᠪᠦᠳᠦᠭ ᠢ᠋ᠶ᠋ᠡᠨ ᠰᠥᠬᠥᠷᠡᠭᠡᠳ ᠤᠨᠤᠭᠤᠯᠳᠠᠭ ᠲᠡᠮᠡᠭᠡ ᠮᠢᠨᠢ 
ᠥᠷᠥᠪᠴᠢᠬᠡᠨ ᠵᠢᠷᠦᠬᠡ ᠪᠡᠷ ᠢ᠋ᠶ᠋ᠡᠨ ᠬᠥᠲᠥᠯᠦᠭᠦᠯᠳᠡᠭ ᠲᠡᠮᠡᠭᠡ ᠮᠢᠨᠢ
ᠨᠢᠯᠪᠤᠰᠤ ᠲᠠᠢ ᠨᠢᠳᠦ ᠪᠡᠷ ᠢ᠋ᠶ᠋ᠡᠨ ᠰᠢᠷᠲᠡᠭᠡᠳ ᠯᠡ ᠪᠠᠢᠨ᠎ᠠ ᠤᠤ ᠳᠠ
ᠨᠢᠭᠤᠴᠠᠬᠠᠨ ᠭᠤᠨᠢᠭ ᠢ᠋ᠶ᠋ᠠᠨ ᠬᠡᠯᠡᠬᠦ ᠭᠡᠳ ᠯᠡ ᠪᠠᠢᠨ᠎ᠠ ᠤᠤ ᠳᠠ
ᠨᠢᠯᠪᠤᠰᠤ ᠲᠠᠢ ᠨᠢᠳᠦ ᠪᠡᠷ ᠢ᠋ᠶ᠋ᠡᠨ ᠰᠢᠷᠲᠡᠭᠡᠳ ᠯᠡ ᠪᠠᠢᠨ᠎ᠠ ᠤᠤ ᠳᠠ
ᠨᠢᠭᠤᠴᠠᠬᠠᠨ ᠭᠤᠨᠢᠭ ᠢ᠋ᠶ᠋ᠠᠨ ᠬᠡᠯᠡᠬᠦ ᠭᠡᠳ ᠯᠡ ᠪᠠᠢᠨ᠎ᠠ ᠤᠤ ᠳᠠ

ᠬᠠᠲᠠᠭᠤᠬᠠᠨ ᠭᠣᠪᠢ ᠳ᠋ᠤ᠌ ᠪᠠᠨ ᠲᠡᠪᠴᠢᠶᠡᠷᠢ ᠲᠡᠢ ᠲᠡᠮᠡᠭᠡ ᠮᠢᠨᠢ
ᠬᠠᠭᠠᠰᠬᠠᠨ ᠴᠠᠳᠤᠯ᠎ᠠ ᠴᠤ᠌ ᠭᠣᠮᠣᠳᠠᠳᠠᠭ ᠦᠭᠡᠢ ᠲᠡᠮᠡᠭᠡ ᠮᠢᠨᠢ
ᠥᠨᠳᠥᠷᠬᠡᠨ ᠪᠠᠶᠠᠨ ᠳ᠋ᠤ᠌ ᠪᠠᠨ ᠭᠡᠮᠰᠢᠭᠡᠳ ᠯᠡ ᠪᠠᠢᠨ᠎ᠠ ᠤᠤ ᠳᠠ
ᠥᠷᠥᠰᠢᠶᠡᠯ ᠦᠭᠡᠢ ᠬᠣᠷᠸ᠎ᠠ ᠳ᠋ᠤ᠌ ᠪᠠᠨ ᠭᠣᠮᠣᠳᠠᠭᠠᠳ ᠯᠠ ᠪᠠᠢᠨ᠎ᠠ ᠤᠤ ᠳᠠ
ᠥᠨᠳᠥᠷᠬᠡᠨ ᠪᠠᠶᠠᠨ ᠳ᠋ᠤ᠌ ᠪᠠᠨ ᠭᠡᠮᠰᠢᠭᠡᠳ ᠯᠡ ᠪᠠᠢᠨ᠎ᠠ ᠤᠤ ᠳᠠ
ᠥᠷᠥᠰᠢᠶᠡᠯ ᠦᠭᠡᠢ ᠬᠣᠷᠸ᠎ᠠ ᠳ᠋ᠤ᠌ ᠪᠠᠨ ᠭᠣᠮᠣᠳᠠᠭᠠᠳ ᠯᠠ ᠪᠠᠢᠨ᠎ᠠ ᠤᠤ ᠳᠠ
ᠠᠢ ᠬᠦ  ᠲᠡᠮᠡᠭᠡ ᠮᠢᠨᠢ
ᠤᠷᠲᠤ ᠠᠮᠤᠭᠤᠯᠠᠩ ᠲᠠᠨᠢ ᠶᠠᠪᠤᠭᠠᠷᠠᠢ


          ᠦᠰᠦᠭ ᠠᠮᠢᠯᠠᠭᠤᠯᠤᠭᠴᠢ᠄  ᠰᠡᠴᠡᠨᠬᠡᠷᠡᠯ 
          ᠦᠰᠦᠭ ᠬᠠᠲᠠᠭᠴᠢ᠄  ᠰᠡᠴᠡᠨᠭᠡᠷᠡᠯ
          ᠬᠢᠨᠠᠭᠴᠢ ᠪᠠᠭᠰᠢ᠄ ᠠᠯᠳᠡᠨᠴᠡᠴᠩ