ᠬᠠᠩᠭᠢᠨ ᠮᠢᠨᠦ ᠨᠤᠲᠤᠭ -ᠰᠢᠵᠢᠷKhangin minii nutag-ShijirХангин миний нутаг-Шижир ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠩᠭᠢᠨ ᠮᠢᠨᠦ ᠨᠤᠲᠤᠭ -ᠰᠢᠵᠢᠷKhangin minii nutag-ShijirХангин миний нутаг-Шижир

ᠬᠠᠩᠭᠢᠨ ᠮᠢᠨᠦ ᠨᠤᠲᠤᠭ -ᠰᠢᠵᠢᠷKhangin minii nutag-ShijirХангин миний нутаг-Шижир

ᠠᠩᠭᠢᠯᠠᠯ:ᠳᠠᠭᠤᠤ ᠬᠥᠭᠵᠢᠮ
2025-12-14

1543

ᠬᠠᠩᠭᠢᠨ ᠮᠢᠨᠦ ᠨᠤᠲᠤᠭ


        ᠦᠭᠡ᠄ ᠵᠠᠮᠪᠠᠯ ᠤ᠋ᠨ ᠠᠯᠲᠠᠨᠴᠢᠯᠠᠭᠤ 
        ᠠᠶ᠎ᠠ᠄ ᠮᠡᠷᠭᠡᠨᠪᠠᠭᠠᠲᠤᠷ 
        ᠳᠠᠭᠤᠴᠢᠨ᠄ ᠰᠢᠵᠢᠷ 

ᠬᠠᠷᠠᠭᠤᠯ ᠤ᠋ᠨ ᠰᠢᠯᠢ ᠬᠠᠷᠭᠠᠨ᠎ᠠ ᠶ᠋ᠢᠨ ᠬᠤᠳᠳᠤᠭ 
ᠬᠣᠨᠢ ᠮᠠᠯ ᠤ᠋ᠨ ᠮᠢᠨᠢ ᠪᠡᠯᠴᠢᠭᠡᠷ 
ᠬᠥᠯ ᠨᠢᠴᠦᠭᠦᠨ ᠬᠦᠷᠪᠡᠯ ᠬᠥᠭᠡᠭᠡᠭᠰᠡᠨ 
ᠬᠡᠦᠬᠡᠳ ᠨᠠᠰᠤᠨ ᠤ᠋ ᠮᠢᠨᠢ ᠬᠥᠳᠡᠭᠡ 

ᠬᠠᠮᠤᠭ ᠠ᠋ᠴᠠ ᠢᠯᠡᠭᠦᠦ ᠪᠣᠳᠣᠭᠳᠠᠭᠠᠳ ᠪᠠᠢᠳᠠᠭ 
ᠬᠠᠢᠷᠠᠯᠠᠯᠲᠠᠢ ᠰᠠᠢᠬᠠᠨ ᠨᠤᠲᠤᠭ 
ᠬᠠᠮᠢᠭ᠎ᠠ ᠶᠠᠪᠤᠭᠰᠠᠨ ᠴᠤ᠌ ᠵᠢᠷᠦᠬᠡᠨ ᠳ᠋ᠦ᠍ ᠤᠶᠠᠭᠠᠲᠠᠢ 
ᠬᠠᠩᠭᠢᠨ ᠮᠢᠨᠦ ᠨᠤᠲᠤᠭ 

ᠫᠠᠯᠪᠢ ᠶ᠋ᠢᠨ ᠪᠠᠯᠠᠷ ᠰᠠᠢᠨ ᠤᠰᠤᠨ ᠪᠤᠯᠠᠭ
ᠪᠤᠲᠠ ᠮᠠᠯ ᠤ᠋ᠨ ᠮᠢᠨᠢ ᠪᠡᠯᠴᠢᠭᠡᠷ
ᠪᠤᠷᠭᠠᠰᠤᠨ ᠮᠣᠷᠢ ᠪᠤᠲᠠᠷᠠᠭᠤᠯᠵᠤ ᠪᠠᠢᠭᠰᠠᠨ
ᠪᠠᠯᠴᠢᠷ ᠨᠠᠰᠤᠨ ᠤ᠋ ᠮᠢᠨᠢ ᠳᠤᠷᠠᠳᠬᠠᠯ

ᠪᠣᠳᠣᠯ ᠰᠡᠳᠬᠢᠯ ᠳ᠋ᠦ᠍ ᠮᠢᠨᠢ ᠬᠣᠨᠣᠭᠰᠢᠭᠠᠳ ᠪᠠᠢᠳᠠᠭ
ᠪᠠᠬᠠᠷᠤᠯᠲᠠᠢ ᠰᠠᠢᠬᠠᠨ ᠨᠤᠲᠤᠭ
ᠬᠠᠮᠢᠭ᠎ᠠ ᠶᠠᠪᠤᠭᠰᠠᠨ ᠴᠤ᠌ ᠵᠢᠷᠦᠬᠡᠨ ᠳ᠋ᠦ᠍ ᠤᠶᠠᠭᠠᠲᠠᠢ
ᠬᠠᠩᠭᠢᠨ ᠮᠢᠨᠦ ᠨᠤᠲᠤᠭ

ᠪᠣᠲᠣᠭᠣ ᠶ᠋ᠢᠨ ᠰᠢᠯᠢ ᠪᠣᠳᠣᠩ ᠤ᠋ᠨ ᠣᠪᠣᠭ᠎ᠠ
ᠪᠦᠭᠦᠳᠡ ᠮᠠᠯ ᠤ᠋ᠨ ᠮᠢᠨᠢ ᠪᠡᠯᠴᠢᠭᠡᠷ
ᠪᠦᠰᠡ ᠪᠡᠨ ᠲᠠᠢᠯᠤᠨ ᠪᠠᠷᠢᠯᠳᠤᠵᠤ ᠪᠠᠢᠭᠰᠠᠨ
ᠪᠠᠭ᠎ᠠ ᠨᠠᠰᠤᠨ ᠤ᠋ ᠮᠢᠨᠢ ᠦᠯᠢᠭᠡᠷ

ᠪᠦᠯᠲᠡᠯᠵᠡᠬᠦ ᠨᠢᠳᠦᠨ ᠳ᠋ᠦ᠍ ᠮᠢᠨᠢ ᠦᠵᠡᠭᠳᠡᠭᠡᠳ ᠪᠠᠢᠳᠠᠭ
ᠪᠤᠶᠠᠨᠲᠠᠢ ᠰᠠᠢᠬᠠᠨ ᠨᠤᠲᠤᠭ
ᠬᠠᠮᠢᠭ᠎ᠠ ᠶᠠᠪᠤᠭᠰᠠᠨ ᠴᠤ᠌ ᠵᠢᠷᠦᠬᠡᠨ ᠳ᠋ᠦ᠍ ᠤᠶᠠᠭᠠᠲᠠᠢ
ᠬᠠᠩᠭᠢᠨ ᠮᠢᠨᠦ ᠨᠤᠲᠤᠭ

ᠬᠠᠮᠤᠭ ᠠ᠋ᠴᠠ ᠢᠯᠡᠭᠦᠦ ᠪᠣᠳᠣᠭᠳᠠᠭᠠᠳ ᠪᠠᠢᠳᠠᠭ 
ᠬᠠᠢᠷᠠᠯᠠᠯᠲᠠᠢ ᠰᠠᠢᠬᠠᠨ ᠨᠤᠲᠤᠭ
ᠬᠠᠮᠢᠭ᠎ᠠ ᠶᠠᠪᠤᠭᠰᠠᠨ ᠴᠤ᠌ ᠵᠢᠷᠦᠬᠡᠨ ᠳ᠋ᠦ᠍ ᠤᠶᠠᠭᠠᠲᠠᠢ
ᠬᠠᠩᠭᠢᠨ ᠮᠢᠨᠦ ᠨᠤᠲᠤᠭ
ᠬᠠᠩᠭᠢᠨ ᠮᠢᠨᠦ ᠨᠤᠲᠤᠭ

       ᠦᠰᠦᠭ ᠠᠮᠢᠯᠠᠭᠤᠯᠤᠭᠴᠢ᠄ ᠠᠯᠲᠠᠨᠴᠢᠮᠡᠭ
       ᠦᠰᠦᠭ ᠬᠠᠲᠠᠭᠴᠢ᠄ ᠠᠯᠲᠠᠨᠴᠢᠮᠡᠭ
       ᠬᠢᠨᠠᠭᠴᠢ᠄ ᠭᠦᠩᠭᠠᠷ