ᠠᠷᠪᠠᠢ ᠬᠡᠭᠡᠷ᠎ᠡ ᠶ᠋ᠢᠨ ᠬᠠᠪᠤᠷ - ᠲ ∙ ᠪᠠᠶᠠᠰᠬᠤᠯᠠᠩArvai kheeriin khavar - T.BayasgalanАрвай хээрийн хавар- Т.Баясгалан
ᠠᠷᠪᠠᠢ ᠬᠡᠭᠡᠷ᠎ᠡ ᠶ᠋ᠢᠨ ᠬᠠᠪᠤᠷ
ᠦᠭᠡ᠄ ᠳ᠂ ᠯᠦᠨᠳᠠᠵᠠᠮᠴᠠᠨ
ᠠᠶ᠎ᠠ᠄ ᠪ᠊᠂ ᠪᠢᠮᠪᠠᠪᠠᠶᠠᠷ
ᠳᠠᠭᠤᠴᠢᠨ᠄ ᠲ᠂ ᠪᠠᠶᠠᠰᠬᠤᠯᠠᠩ
ᠮᠥᠴᠢᠷ ᠦᠷ᠎ᠡ ᠪᠣᠯᠭᠠᠨ ᠳ᠋ᠤ᠌ ᠨᠢ ᠴᠡᠴᠡᠭ ᠤᠷᠭᠤᠭᠰᠠᠨ
ᠮᠥᠰᠥ ᠪᠡᠨ ᠲᠠᠢᠯᠤᠭᠠᠳ ᠣᠩᠬᠢ ᠮᠢᠨᠢ ᠤᠷᠤᠰᠤᠭᠰᠠᠨ
ᠮᠥᠷᠥᠭᠡᠳᠦᠯᠲᠦ ᠨᠠᠰᠤᠨ ᠤ᠋ ᠮᠢᠨᠢ ᠲᠡᠷᠡ ᠯᠠ ᠬᠠᠢᠷ᠎ᠠ
ᠮᠥᠩᠬᠡ ᠶ᠋ᠢᠨ ᠮᠥᠩᠬᠡ ᠳ᠋ᠦ᠍ ᠳᠠᠭᠤᠯᠠᠵᠤ ᠯᠠ ᠶᠠᠪᠤᠬᠤ ᠶᠤᠮ
ᠠᠷᠪᠠᠢ ᠬᠡᠭᠡᠷ᠎ᠡ ᠶ᠋ᠢᠨ ᠴᠡᠩᠬᠡᠷ ᠬᠠᠪᠤᠷ
ᠠᠯᠳᠠᠷᠠᠢ ᠨᠠᠰᠤᠨ ᠤ᠋ ᠠᠷᠢᠭᠤᠨ ᠬᠠᠢᠷ᠎ᠠ
ᠴᠡᠩᠭᠡᠯ ᠦ᠋ᠨ ᠠᠶ᠎ᠠ ᠪᠠᠷ ᠵᠡᠭᠦᠳᠦᠨ ᠳ᠋ᠦ᠍ ᠮᠢᠨᠢ ᠡᠭᠡᠰᠢᠭᠯᠡᠨ᠎ᠡ
ᠴᠡᠴᠡᠭᠬᠡᠨ ᠨᠠᠰᠤ ᠶ᠋ᠢ ᠮᠢᠨᠢ ᠵᠢᠷᠦᠬᠡᠨ ᠳ᠋ᠦ᠍ ᠮᠢᠨᠢ ᠠᠪᠴᠢᠷᠠᠯ᠎ᠠ
ᠠᠷᠪᠠᠢ ᠲᠠᠯ᠎ᠠ ᠶ᠋ᠢᠨ ᠰᠠᠯᠬᠢ ᠨᠢ ᠤᠶᠠᠰᠤᠭᠠᠳ
ᠠᠩᠭᠢᠷ ᠤ᠋ᠨ ᠳᠠᠭᠤᠨ ᠳ᠋ᠤ᠌ ᠪᠦᠷᠢᠳᠦ ᠨᠢ ᠤᠶᠠᠷᠠᠭᠠᠳ
ᠠᠩᠬᠠᠨ ᠤ᠋ ᠬᠠᠢᠷ᠎ᠠ ᠮᠢᠨᠢ ᠰᠡᠭᠦᠯᠴᠢ ᠶ᠋ᠢᠨ ᠬᠤᠩᠬ᠎ᠠ ᠲᠠᠢ ᠪᠠᠨ
ᠠᠶᠠᠨᠳᠠᠭᠠᠨ ᠰᠡᠳᠬᠢᠯ ᠳ᠋ᠦ᠍ ᠮᠢᠨᠢ ᠣᠷᠭᠣᠭᠠᠳ ᠢᠷᠡᠬᠦ ᠶᠤᠮ
( ᠳᠠᠬᠢᠯᠲᠠ)
ᠲᠣᠭᠯᠠᠭᠤᠯᠵᠤ ᠥᠰᠦᠭᠰᠡᠨ ᠨᠠᠮᠬᠠᠨ ᠬᠠᠰᠢᠶ᠎ᠠ
ᠲᠣᠷᠣᠢᠭᠠᠳ ᠦᠯᠡᠳᠡᠭᠰᠡᠨ ᠡᠵᠢ ᠶ᠋ᠢᠨ ᠮᠢᠨᠢ ᠪᠠᠷ᠎ᠠ
ᠲᠣᠯᠢ ᠰᠢᠯ ᠰᠢᠭ᠌ ᠬᠣᠲᠠ ᠨᠤᠭᠤᠳ ᠵᠥᠩᠳᠡᠭᠡᠨ ᠴᠦ᠍
ᠲᠣᠭᠣᠭᠠᠳ ᠬᠦᠯᠢᠶᠡᠳᠡᠭ ᠨᠢ ᠠᠷᠪᠠᠢ ᠬᠡᠭᠡᠷ᠎ᠡ
( ᠳᠠᠬᠢᠯᠲᠠ) ( ᠳᠠᠬᠢᠯᠲᠠ)
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
